Paper Information


Title ᠬᠤᠨᠢᠨ ᠰᠤᠷᠭᠠᠷ ᠠᠴᠠ ᠶᠡᠷᠦᠩᠬᠡᠢ ᠹᠯᠠᠸᠤᠨ ᠢ ᠭᠠᠷᠭᠠᠨ ᠠᠪᠬᠤ ᠪᠠ ᠲᠡᠭᠦᠨ ᠦ ᠠᠭᠤᠯᠤᠭᠳᠠᠴᠠ ᠶᠢ ᠬᠡᠮᠵᠢᠬᠦ ᠨᠢ
Creator ᠬᠦᠴᠦᠲᠦ; ᠵᠢᠶᠠᠩ ᠰᠢᠨ; ᠯᠢ ᠭᠦᠢ ᠫᠢᠩ; ᠾᠧᠹᠧᠩ᠋ᠭ᠎ᠠ
Keyword ᠬᠤᠨᠢᠨ ᠰᠤᠷᠭᠠᠷ; ᠹᠯᠠᠸᠤᠨ ᠤ ᠲᠦᠷᠦᠯ; ᠭᠠᠷᠭᠠᠨ ᠠᠪᠬᠤ ᠠᠷᠭ᠎ᠠ
Abstract ᠵᠤᠬᠢᠶᠠᠯ ᠳᠤ ᠪᠦᠳᠦᠭᠦᠯᠢᠭ᠌ ᠹᠯᠠᠸᠤᠨ ᠢ ᠭᠠᠷᠭᠠᠨ ᠠᠪᠬᠤ ᠠᠷᠭ᠎ᠠ ᠶᠢᠨ ᠲᠤᠬᠠᠢ ᠰᠤᠳᠤᠯᠤᠭᠰᠠᠨ ᠪᠠᠶᠢᠨ᠎ᠠ᠃ ᠡᠭᠦᠨ ᠳᠦ ᠦᠭᠡᠬᠦ ᠶᠢ ᠭᠠᠷᠭᠠᠨ ᠠᠪᠬᠤ ᠲᠦᠭᠦᠭᠡᠷᠦᠮᠵᠢ ᠶᠢᠨ ᠠᠷᠭ᠎ᠠ᠂ ᠪᠤᠴᠠᠭᠠᠨ ᠠᠭᠤᠷᠰᠢᠭᠤᠯᠬᠤ ᠠᠷᠭ᠎ᠠ᠂ ᠬᠠᠯᠠᠭᠤᠨ ᠬᠡᠳᠦ ᠳᠠᠭᠤᠨ ᠳᠤᠯᠭᠢᠶᠠᠨ ᠤ ᠠᠷᠭ᠎ᠠ᠂ ᠬᠦᠢᠲᠡᠨ ᠬᠡᠳᠦ ᠳᠠᠭᠤᠨ ᠳᠤᠯᠭᠢᠶᠠᠨ ᠤ ᠠᠷᠭ᠎ᠠ ᠵᠡᠷᠭᠡ ᠳᠦᠷᠪᠡᠨ ᠵᠤᠶᠢᠯ ᠤᠨ ᠠᠷᠭ᠎ᠠ ᠪᠠᠷ ᠰᠷ᠎ᠠ ᠺᠧᠲ᠋ᠤᠨ ᠢ ᠭᠠᠷᠭᠠᠨ ᠠᠪᠴᠤ ᠪᠤᠯᠤᠨ᠎ᠠ᠃ ᠰᠢᠷ᠎ᠡ ᠺᠧᠲ᠋ᠤᠨ ᠤ ᠱᠦᠯᠲᠦᠯᠢᠭ᠌ ᠤᠷᠴᠢᠨ ᠳᠠᠬᠢ ᠤᠨᠴᠠᠯᠢᠭ ᠢ ᠠᠰᠢᠭᠯᠠᠵᠤ᠂ ᠡᠲ᠋ᠢᠯ ᠠᠯᠺᠤᠤᠯ ᠢᠶᠠᠷ ᠠᠭᠤᠰᠬᠠᠭᠴᠢ ᠪᠤᠯᠭᠠᠵᠤ᠂ ᠷᠦᠲ᠋ᠢᠨ ᠢᠶᠠᠷ ᠬᠠᠷᠢᠴᠠᠭᠤᠯᠬᠤ ᠪᠤᠳᠠᠰ ᠪᠤᠯᠭᠠᠨ᠂ ᠲᠤᠲᠠᠭᠤ ᠠᠽᠤᠲ᠋ ᠬᠦᠴᠢᠯ ᠦᠨ ᠨᠠᠲ᠋ᠷᠢ — ᠠᠽᠤᠲ᠋ ᠬᠦᠴᠢᠯ ᠦᠨ ᠬᠦᠩᠭᠡᠨᠴᠠᠭᠠᠨ — ᠤᠰᠤᠮᠠᠭᠲᠤ ᠨᠠᠲ᠋ᠷᠢ ᠶᠢᠨ ᠰᠢᠰᠲ᠋ᠧᠮ ᠦᠨ ᠭᠡᠷᠡᠯ ᠵᠢᠭ‍ᠰᠠᠯ ᠤᠨ ᠠᠷᠭ᠎ᠠ ᠪᠠᠷ 510nm ᠳᠤᠯᠭᠢᠶᠠᠨ ᠤᠷᠲᠤ ᠶᠢᠨ ᠪᠠᠶᠢᠷᠢ ᠳᠤ (A=6.162C-2.296·10-3,r=0.9933)᠂ ᠦᠯᠢᠭᠡᠷ ᠡᠳ᠋ ᠲᠡᠬᠢ ᠹᠯᠠᠸᠤᠨ ᠤ ᠠᠭᠤᠯᠤᠭᠳᠠᠴᠠ ᠶᠢ ᠬᠡᠮᠵᠢᠪᠡ᠃ ᠡᠭᠦᠨ ᠦ ᠳ᠋ᠦᠩ ᠳᠦ᠂ ᠬᠦᠢᠲᠡᠨ ᠬᠡᠳᠦ ᠳᠠᠭᠤᠨ ᠳᠤᠯᠭᠢᠶᠠᠨ ᠤ ᠠᠷᠭ᠎ᠠ ᠪᠠᠷ ᠤᠯᠤᠭᠰᠠᠨ ᠹᠯᠠᠸᠤᠨ ᠤ ᠬᠡᠮᠵᠢᠶ᠎ᠡ ᠨᠢ ᠬᠠᠮᠤᠭ ᠠᠷᠪᠢᠨ ᠪᠦᠭᠡᠳ ᠲᠤᠰ ᠠᠷᠭ᠎ᠠ ᠪᠠᠷ ᠤᠯᠤᠭᠰᠠᠨ ᠳᠤᠮᠳᠠᠴᠢ ᠠᠰᠢᠭᠯᠠᠮᠵᠢ ᠨᠢ 115.8% ᠪᠤᠯᠤᠨ᠎ᠠ᠃ ᠲᠤᠰ ᠳ᠋ᠦᠩ ᠦᠨ ᠬᠠᠷᠠᠭᠤᠯᠤᠭᠰᠠᠨ ᠢᠶᠠᠷ᠂ ᠬᠦᠢᠲᠡᠨ ᠬᠡᠳᠦ ᠳᠠᠭᠤᠨ ᠳᠤᠯᠭᠢᠶᠠᠨ ᠤ ᠠᠷᠭ᠎ᠠ ᠪᠠᠷ ᠰᠢᠷ᠎ᠠ ᠺᠧᠲ᠋ᠤᠨ ᠢ ᠭᠠᠷᠭᠠᠨ ᠠᠪᠤᠪᠠᠯ ᠬᠠᠮᠤᠭ ᠰᠠᠶᠢᠨ ᠪᠠᠶᠢᠳᠠᠭ᠃
Original Literature View Original Paper
出自 内蒙古民族大学学报(自然科学) 2007年 第2期

联系我们


内蒙古大学图书馆
呼和浩特市大学西路235号
中国·内蒙古
P: (0471) 4992561
E: huangfeilong@imu.edu.cn