Paper Information


Title ᠠᠰᠠᠭ᠋ᠠᠳ ᠰᠡᠩᠬᠡᠷᠡᠭᠦᠯᠵᠦ ᠬᠠᠷᠢᠯᠴᠠᠨ ᠶᠠᠷᠢᠯᠴᠠᠬᠤ᠄ ᠬᠡᠯᠡ ᠪᠢᠴᠢᠭ ᠦᠨ ᠬᠢᠴᠢᠶᠡᠯᠡᠯᠭᠡ ᠶᠢᠨ ᠭᠤᠤᠯ ᠬᠡᠯᠪᠡᠷᠢ — 《ᠰᠠᠯᠬᠢᠴᠢ ᠰᠢᠪᠠᠭ᠋ᠤ》 ᠶᠢ ᠵᠢᠭ᠋ᠠᠭᠰᠠᠨ ᠦᠨ᠋ᠡᠨ ᠲᠡᠮᠳᠡᠭᠯᠡᠯ ᠡᠴᠡ ᠰᠡᠳᠦᠪᠯᠡᠬᠦ ᠨᠢ
Creator ᠡ‍ · ᠪᠠᠳᠠᠷᠠᠬᠤ
Keyword
Abstract ᠠᠰᠠᠭ᠋ᠠᠳ ᠰᠡᠩᠬᠡᠷᠡᠭᠦᠯᠵᠦ ᠬᠠᠷᠢᠯᠴᠠᠨ ᠶᠠᠷᠢᠯᠴᠠᠬᠤ ᠠᠷᠭ᠎ᠠ ᠭᠡᠭᠴᠢ ᠪᠠᠭᠰᠢ ᠶᠢᠨ ᠠᠰᠠᠭ᠋ᠤᠯᠲᠠ ᠰᠤᠷᠤᠭᠴᠢ ᠶᠢᠨ ᠬᠠᠷᠢᠭ᠋ᠤᠯᠲᠠ ᠶᠢᠨ ᠬᠡᠯᠪᠡᠷᠢ ᠪᠡᠷ ᠶᠠᠪᠤᠭᠳᠠᠳᠠᠭ ᠰᠠᠢᠨ ᠠᠷᠭ᠎ᠠ ᠪᠤᠯᠤᠨ᠎ᠠ᠃ ᠲᠡᠭᠦᠨ ᠦ ᠰᠠᠢᠨ ᠲᠠᠯ᠎ᠠ ᠬᠢᠪᠡᠯ᠄ (ᠨᠢᠭᠡ) ᠰᠤᠷᠤᠭᠴᠢ ᠶᠢᠨ ᠠᠩᠬᠠᠷᠤᠯ ᠢ ᠲᠠᠲᠠᠵᠤ᠂ ᠰᠡᠳᠬᠢᠭᠦᠢ ᠶᠢ ᠨᠢ ᠬᠦᠭᠵᠢᠭᠦᠯᠦᠨ᠂ ᠬᠤᠷᠴᠢᠨ ᠰᠡᠷᠬᠡᠭ ᠰᠡᠳᠬᠢᠴᠡ᠂ ᠬᠤᠷᠳᠤᠨ ᠲᠤᠬᠢᠯᠢᠭ ᠬᠠᠷᠢᠭ᠋ᠤᠯᠬᠤ ᠴᠢᠳᠠᠪᠤᠷᠢᠲᠠᠢ ᠪᠤᠯᠭ᠋ᠠᠨ᠎ᠠ; (ᠬᠤᠶᠠᠷ) ᠰᠤᠷᠤᠭᠴᠢ ᠶᠢ ᠠᠰᠠᠭ᠋ᠤᠬᠤ ᠵᠠᠪᠰᠢᠶᠠᠨ ᠲᠠᠢ᠂ ᠮᠠᠷᠭ᠋ᠤᠯᠳᠤᠬᠤ ᠲᠤᠬᠢᠶᠠᠯ ᠲᠠᠢ ᠪᠤᠯᠭ᠋ᠠᠨ᠎ᠠ; (ᠭᠤᠷᠪᠠ) ᠰᠤᠷᠤᠭᠴᠢ ᠶᠢᠨ ᠬᠡᠯᠡ ᠶᠠᠷᠢᠶ᠎ᠠ ᠶᠢ ᠪᠤᠯᠪᠠᠰᠤᠷᠠᠭ᠋ᠤᠯᠬᠤ ᠳᠤ ᠠᠰᠢᠭᠲᠠᠢ ᠪᠠᠢᠵᠤ᠂ ᠶᠠᠪᠤᠭ᠋ᠠᠨ ᠶᠠᠷᠢᠬᠤ ᠦᠭᠦᠯᠡᠬᠦ ᠴᠢᠳᠠᠪᠤᠷᠢ ᠶᠢ ᠨᠢ ᠳᠡᠭᠡᠭᠰᠢᠯᠡᠭᠦᠯᠦᠨ᠎ᠡ; (ᠳᠦᠷᠪᠡ) ᠪᠠᠭᠰᠢ ᠰᠤᠷᠤᠭᠴᠢ ᠬᠠᠷᠢᠯᠴᠠᠨ ᠴᠢᠮᠡᠭᠡ ᠶᠠᠩᠬᠢ ᠰᠤᠯᠢᠯᠴᠠᠬᠤ ᠳᠤ ᠰᠠᠢᠨ᠃ ᠪᠠᠭᠰᠢ ᠠᠰᠠᠭ᠋ᠤᠯᠲᠠ ᠶᠢ ᠴᠤᠬᠤᠮ ᠬᠡᠷᠬᠢᠨ ᠭᠠᠷᠭ᠋ᠠᠵᠤ ᠶᠠᠭ᠋ᠠᠬᠢᠨ ᠠᠰᠠᠭ᠋ᠤᠪᠠᠯ ᠵᠤᠬᠢᠬᠤ ᠪᠤᠢ? (ᠨᠢᠭᠡ) ᠪᠠᠭᠰᠢ ᠶᠢᠨ ᠭᠠᠷᠭ᠋ᠠᠬᠤ ᠠᠰᠠᠭ᠋ᠤᠯᠲᠠ ᠨᠢ ᠤᠳᠬ᠎ᠠ ᠠᠭ᠋ᠤᠯᠭ᠎ᠠ ᠲᠠᠢ ᠪᠠᠢᠬᠤ; (ᠬᠤᠶᠠᠷ) ᠪᠠᠭᠰᠢ ᠶᠢᠨ ᠭᠠᠷᠭ᠋ᠠᠬᠤ ᠠᠰᠠᠭ᠋ᠤᠯᠲᠠ ᠶᠢᠨ ᠶᠡᠬᠡ ᠪᠠᠭ᠎ᠠ᠂ ᠣᠯᠠᠨ ᠴᠦᠬᠡᠨ᠂ ᠪᠡᠷᠬᠡ ᠬᠢᠯᠪᠠᠷ ᠨᠢ ᠵᠠᠪᠠᠯ ᠰᠤᠷᠤᠭᠴᠢ ᠶᠢᠨ ᠬᠦᠯᠢᠶᠡᠨ ᠠᠪᠬᠤ — ᠲᠠᠨ᠋ᠢᠯᠲᠠ ᠴᠢᠳᠠᠪᠤᠷᠢ ᠶᠢᠨ ᠬᠢᠷᠢ ᠬᠡᠮᠵᠢᠶ᠎ᠡ ᠳᠦ ᠲᠤᠬᠢᠷᠠᠭᠰᠠᠨ ᠪᠠᠢᠬᠤ; (ᠭᠤᠷᠪᠠ) ᠠᠮᠠᠨ ᠠᠰᠠᠭ᠋ᠤᠯᠲᠠ ᠪᠠᠷ ᠭᠤᠯᠯᠠᠵᠤ᠂ ᠪᠢᠷ ᠠᠰᠠᠭ᠋ᠤᠯᠲᠠ ᠪᠠᠷ ᠳᠡᠯᠡᠭᠦᠯᠬᠦ; (ᠳᠦᠷᠪᠡ) ᠴᠢᠳᠠᠬᠤ ᠬᠢᠷᠢ ᠪᠡᠷ ᠪᠦᠬᠦ ᠰᠤᠷᠤᠭᠴᠢ ᠠᠴᠠ ᠠᠰᠠᠭ᠋ᠤᠬᠤ ᠪᠦᠭᠡᠳ ᠰᠤᠷᠤᠭᠴᠢ ᠶᠢᠨ ᠬᠠᠷᠢᠭ᠋ᠤ ᠠᠰᠠᠭ᠋ᠤᠬᠤ ᠶᠢ ᠨᠡᠩ ᠢᠯᠡᠭᠦᠦ ᠵᠤᠷᠢᠭᠵᠢᠭ᠋ᠤᠯᠬᠤ; (ᠲᠠᠪᠤ) ᠪᠠᠭᠰᠢ ᠶᠢᠨ ᠠᠰᠠᠭ᠋ᠤᠯᠲᠠ ᠪᠤᠶᠤ ᠬᠠᠷᠢᠭ᠋ᠤᠯᠲᠠ ᠨᠢ ᠲᠤᠪᠴᠢ ᠪᠦᠭᠡᠳ ᠲᠤᠳᠤᠷᠬᠠᠢ᠂ ᠣᠪᠤᠷ ᠨᠢ ᠬᠠᠯᠠᠭ᠋ᠤᠨ ᠪᠦᠭᠡᠳ ᠳᠤᠲᠤᠨ᠋ᠤ ᠪᠠᠢᠬᠤ ᠶᠢ ᠱᠠᠭ᠋ᠠᠷᠳᠠᠨ᠎ᠠ᠃ ᠤᠩᠰᠢᠨ ᠲᠠᠢᠯᠪᠤᠷᠢᠯᠠᠬᠤ ᠬᠢᠴᠢᠶᠡᠯ ᠦᠨ ᠦᠩᠭᠡᠷᠡᠯᠲᠡ ᠨᠢ ᠪᠠᠭᠰᠢ ᠠᠴᠠ ᠵᠤᠬᠢᠶᠠᠯ ᠢ ᠳᠠᠬᠢᠨ ᠪᠦᠲᠦᠭᠡᠵᠦ ᠳᠠᠬᠢᠨ ᠠᠮᠢᠯᠠᠬᠤ ᠶᠠᠪᠤᠴᠠ ᠪᠤᠯᠤᠨ᠎ᠠ᠃ ᠡᠢᠮᠦ ᠡᠴᠡ ᠤᠩᠰᠢᠨ ᠲᠠᠢᠯᠪᠤᠷᠢᠯᠠᠬᠤ ᠶᠢ ᠬᠡᠯᠡ ᠪᠢᠴᠢᠭ ᠦᠨ ᠡᠷᠳᠡᠮᠲᠡᠳ ᠨᠢᠭᠡᠨ ᠵᠤᠢᠯ ᠤᠨ ᠤᠷᠠᠯᠢᠭ᠂ ᠨᠢᠭᠡᠨ ᠵᠤᠢᠯ ᠤᠨ ᠰᠢᠨᠵᠢᠯᠡᠬᠦ ᠤᠬᠠᠭ᠋ᠠᠨ ᠬᠡᠯᠡᠳᠡᠭ ᠪᠢᠯᠡ᠃
Original Literature No Original Paper
出自 内蒙古民族大学学报(社会科学) 1986年 第1期

联系我们


内蒙古大学图书馆
呼和浩特市大学西路235号
中国·内蒙古
P: (0471) 4992561
E: huangfeilong@imu.edu.cn