Paper Information


Title ᠡᠸᠡᠩᠬᠢ ᠬᠡᠯᠡ ᠪᠡ ᠮᠣᠩᠭᠣᠯ ᠬᠡᠯᠡᠨ ᠦ ᠦᠭ᠍ᠬᠦ ᠤᠷᠤᠰᠢᠬᠤ ᠶᠢᠨ ᠲᠡᠢ᠌ᠨ ᠢᠯᠭᠠᠯ ᠤᠨ ᠳᠠᠭᠠᠪᠤᠷᠢ ᠶᠢᠨ ᠬᠠᠷᠢᠴᠠᠭᠤᠯᠤᠯ
Creator ᠳ • ᠰᠸᠷᠡᠨᠪᠠᠲᠤ
Keyword ᠡᠸᠡᠩᠬᠢ ᠬᠡᠯᠡ; ᠮᠣᠩᠭᠣᠯ ᠬᠡᠯᠡ; ᠦᠭ᠍ᠬᠦ ᠤᠷᠤᠰᠢᠬᠤ ᠶᠢᠨ ᠲᠡᠢ᠌ᠨ ᠢᠯᠭᠠᠯ
Abstract ᠡᠸᠡᠩᠬᠢ ᠬᠡᠯᠡ ᠪᠡ ᠮᠣᠩᠭᠣᠯ ᠬᠡᠯᠡᠨ ᠦ ᠦᠭ᠍ᠬᠦ ᠤᠷᠤᠰᠢᠬᠤ ᠶᠢᠨ ᠲᠡᠢ᠌ᠨ ᠢᠯᠭᠠᠯ ᠤᠨ ᠳᠠᠭᠠᠪᠤᠷᠢ ᠶᠢᠨ ᠢᠯᠡᠷᠡᠬᠦ ᠬᠡᠯᠪᠡᠷᠢ ᠪᠡ ᠤᠳᠬ᠎ᠠ ᠦᠢᠯᠡᠳᠦᠯ ᠵᠡᠷᠭᠡ ᠲᠠᠯ᠎ᠠ ᠪᠠᠷ ᠶᠡᠬᠡ ᠲᠦᠯᠦᠪ ᠣᠢ᠌ᠷᠠᠯᠴᠠᠭ᠎ᠠ ᠪᠠᠢ᠌ᠳᠠᠯ ᠲᠠᠢ᠃ ᠲᠤᠰ ᠬᠣᠶᠠᠷ ᠬᠡᠯᠡᠨ ᠦ ᠦᠭ᠍ᠬᠦ ᠣᠷᠤᠰᠢᠬᠤ ᠶᠢᠨ ᠲᠠᠢ᠌ᠨ ᠢᠯᠭᠠᠯ ᠤᠨ ᠳᠠᠭᠠᠪᠤᠷᠢ ᠨᠢ ᠬᠠᠷᠢᠯᠴᠠᠨ ᠨᠦᠯᠦᠭᠡᠯᠡᠯᠴᠡᠭᠰᠡᠨ ᠡᠴᠡ ᠪᠣᠯᠤᠭᠰᠠᠨ ᠶᠣᠮ ᠣᠣ? ᠡᠰᠡᠪᠡᠯ ᠡᠷᠲᠡᠨ ᠦ ᠨᠡᠢ᠌ᠲᠡ ᠳᠤᠮᠳᠠ ᠶᠢᠨ ᠨᠢᠭᠡᠨ ᠬᠡᠯᠡᠨ ᠦ ᠦᠭ᠍ᠬᠦ ᠣᠷᠤᠰᠢᠬᠤ ᠶᠢᠨ ᠲᠡᠢ᠌ᠨ ᠢᠯᠭᠠᠯ ᠡᠴᠡ ᠰᠠᠯᠪᠤᠷᠢᠯᠠᠨ ᠬᠦᠭ᠍ᠵᠢᠭ᠍ᠰᠡᠨ ᠡᠴᠡ ᠪᠣᠯᠤᠭᠰᠠᠨ ᠶᠣᠮ ᠣᠣ? ᠭᠡᠰᠡᠨ ᠠᠰᠠᠭᠤᠳᠠᠯ ᠢ ᠲᠤᠰ ᠦᠭᠦᠯᠡᠯ ᠳᠥ ᠠᠯᠲᠠᠢ ᠢᠵᠠᠭᠤᠷ ᠬᠡᠯᠡᠨ ᠦ ᠮᠠᠨᠵᠤ - ᠲᠦᠩᠭᠦᠰ ᠲᠦᠷᠦᠯ ᠬᠡᠯᠡ᠂ ᠮᠣᠩᠭᠣᠯ ᠲᠦᠷᠦᠯ ᠬᠡᠯᠡ ᠪᠡ ᠲᠦᠷᠦᠭ ᠲᠦᠷᠦᠯ ᠦᠨ ᠬᠡᠯᠡ ᠨᠦᠭᠦᠳ ᠦᠨ ᠦᠭ᠍ᠬᠦ ᠣᠷᠤᠰᠢᠬᠤ ᠶᠢᠨ ᠳᠠᠢ᠌ᠨ ᠢᠯᠭᠠᠯ ᠤᠨ ᠳᠠᠭᠠᠪᠤᠷᠢ ᠨᠤᠭᠤᠳ ᠢ ᠬᠠᠷᠢᠴᠠᠭᠤᠯᠤᠨ ᠰᠢᠨᠵᠢᠯᠡᠬᠦ ᠪᠡᠷ ᠳᠠᠮᠵᠢᠭᠤᠯᠵᠤ᠂ ᠡᠳᠡᠭᠡᠷ ᠬᠡᠯᠡ ᠨᠦᠭᠦᠳ ᠦᠨ ᠦᠭ᠍ᠬᠦ ᠣᠷᠤᠰᠢᠬᠤ ᠶᠢᠨ ᠲᠡᠢ᠌ᠨ ᠢᠯᠭᠠᠯ ᠤᠨ ᠢᠯᠡᠷᠡᠬᠦ ᠬᠡᠯᠪᠡᠷᠢ ᠪᠡ ᠢᠯᠡᠳᠭᠡᠬᠦ ᠤᠳᠬ᠎ᠠ ᠨᠢ ᠴᠦᠮ ᠠᠳᠠᠯᠢ ᠪᠠᠢ᠌ᠭ᠎ᠠ ᠶᠢ ᠮᠡᠳᠡᠵᠦ᠂ ᠠᠳᠠᠯᠢᠬᠠᠨ ᠡᠭᠦᠰᠦᠯ ᠦᠨ ᠬᠠᠷᠢᠴᠠᠭ᠎ᠠ ᠲᠠᠢ᠂ ᠨᠢᠭᠡ ᠢᠵᠠᠭᠤᠷ ᠡᠴᠡ ᠡᠭᠦᠰᠴᠦ ᠬᠦᠭ᠍ᠵᠢᠵᠦ ᠢᠷᠡᠭᠰᠡᠨ ᠳᠠᠭᠠᠪᠤᠷᠢ ᠨᠤᠭᠤᠳ ᠪᠣᠯᠬᠤ ᠶᠢ ᠳᠣᠳᠤᠯᠠᠨ ᠲᠣᠳᠤᠷᠬᠠᠢ᠌ᠯᠠᠪᠠ᠃
Original Literature View Original Paper
出自 中国蒙古学 2011年 第1期

联系我们


内蒙古大学图书馆
呼和浩特市大学西路235号
中国·内蒙古
P: (0471) 4992561
E: huangfeilong@imu.edu.cn