Title |
ᠮᠧᠰᠤ᠋ ᠰᠦᠪᠡᠲᠦ ᠮᠤᠯᠧᠺᠦ᠋ᠯ ᠦᠨ ᠰᠠᠢ᠌ᠵᠠ SBA-15᠋ ᠶᠢᠨ ᠲᠤᠬᠠᠢ ᠳᠦᠭᠦᠮ ᠦᠭᠦᠯᠡᠬᠦ ᠨᠢ |
Creator |
ᠪᠤᠤ ᠰᠢᠦᠢ ᠰᠢᠶᠠ; ᠰᠢᠦᠢ ᠯᠢᠩ; ᠪᠠᠢ ᠱᠤ ᠵᠧᠨ |
Keyword |
SBA-15; ᠮᠧᠰᠤ᠋ ᠰᠦᠪᠡᠲᠦ ᠮᠠᠲ᠋ᠧᠷᠢᠶᠠᠯ; ᠰᠢᠨᠵᠢ ᠴᠢᠨᠠᠷ; ᠠᠷᠭ᠎ᠠ ᠬᠡᠮᠢᠶᠡ; ᠬᠡᠷᠭᠯᠡᠭᠡ |
Abstract |
ᠮᠧᠰᠤ᠋ ᠰᠦᠪᠡᠲᠦ ᠮᠠᠲ᠋ᠧᠷᠢᠶᠠᠯ ᠪᠤᠯ ᠨᠢᠭᠡ ᠵᠤᠢ᠌ᠯ ᠤᠨ ᠰᠦᠪᠡ ᠶᠢᠨ ᠳ᠋ᠢᠶᠠᠮᠧᠲ᠋ᠷ ᠨᠢ ᠪᠢᠴᠢᠯ ᠰᠦᠪᠡᠲᠦ ᠮᠠᠲ᠋ᠧᠷᠢᠶᠠ ᠪᠠ ᠲᠤᠮᠤ ᠰᠦᠪᠡᠲᠦ ᠮᠠᠲ᠋ᠧᠷᠢᠶᠠᠯ ᠤᠨ ᠬᠤᠭᠤᠷᠤᠨᠳᠤ (2nm~50nm) ᠪᠠᠢ᠌ᠬᠤ ᠰᠢᠨ᠎ᠡ ᠬᠡᠯᠪᠡᠷᠢ ᠶᠢᠨ ᠠᠴᠢᠶᠠᠯᠠᠭᠴᠢ ᠮᠠᠲ᠋ᠧᠷᠢᠶᠠᠯ ᠪᠤᠯᠤᠨ᠎ᠠ᠃ ᠣᠳᠤᠬᠠᠨ ᠳᠤ ᠦᠷᠭᠡᠨ ᠢᠶᠡᠷ ᠬᠡᠷᠡᠭᠯᠡᠭᠳᠡᠵᠦ ᠪᠠᠢ᠌ᠭ᠎ᠠ ᠮᠧᠰᠤ᠋ ᠰᠦᠪᠡᠲᠦ ᠮᠤᠯᠧᠺᠦ᠋ᠯ ᠤᠨ ᠰᠠᠢ᠌ᠠ SBA-15 ᠨᠢ ᠨᠢᠭᠡ ᠵᠤᠢ᠌ᠯ ᠤᠨ ᠮᠧᠰᠤ᠋ ᠰᠦᠪᠡᠲᠦ ᠮᠠᠲ᠋ᠧᠷᠢᠶᠠᠯ ᠤᠨ ᠲᠦᠯᠦᠭᠡᠯᠡᠭᠴᠢ ᠮᠠᠲ᠋ᠧᠷᠢᠶᠠᠯ ᠪᠤᠯᠤᠭᠰᠠᠨ ᠤ ᠬᠤᠪᠢ ᠳᠤ ᠲᠦᠷᠭᠡᠳᠭᠡᠬᠦ᠂ ᠰᠤᠷᠤᠭᠤ᠂ ᠵᠠᠳᠠᠷᠠᠭᠤᠯᠬᠤ᠂ ᠪᠢᠴᠢᠯ ᠬᠢᠮᠢ ᠶᠢᠨ ᠤᠷᠪᠠᠯ᠂ ᠠᠴᠢᠶᠠᠯᠠᠭᠴᠢ᠂ ᠡᠮ ᠡᠮᠨᠡᠯᠭᠡ ᠪᠡ ᠣᠷᠴᠢᠨ ᠲᠤᠭᠤᠷᠢᠨ ᠢ ᠬᠠᠮᠠᠭᠠᠯᠠᠬᠤ ᠵᠡᠷᠭᠡ ᠰᠤᠳᠤᠯᠭᠠᠨ ᠤ ᠬᠦᠷᠢᠶᠡᠨ ᠳᠦ ᠦᠷᠭᠡᠨ ᠢᠶᠡᠷ ᠬᠡᠷᠡᠭᠯᠡᠭᠳᠡᠵᠦ ᠪᠠᠢ᠌ᠨ᠎ᠠ᠃ ᠮᠧᠰᠤ᠋ ᠰᠦᠪᠡᠲᠦ ᠮᠤᠯᠧᠺᠦ᠋ᠯ ᠦᠨ ᠰᠠᠢ᠌ᠵᠠ SBA-15᠋ ᠶᠢᠨ ᠡᠢ᠌ᠮᠦᠷᠭᠦᠦ ᠦᠷᠭᠡᠨ ᠬᠡᠷᠡᠭᠯᠡᠭᠡ ᠳᠦ ᠴᠢᠭᠯᠡᠭᠦᠯᠦᠨ᠂ ᠵᠤᠬᠢᠶᠠᠯ ᠳᠤ ᠮᠧᠰᠤ᠋ ᠰᠦᠪᠡᠲᠦ ᠮᠤᠯᠧᠺᠦ᠋ᠯ ᠦᠨ ᠰᠠᠢ᠌ᠵᠠ SBA-15᠋ ᠳᠤ ᠳᠦᠭᠦᠮ ᠲᠠᠨᠢᠯᠴᠠᠭᠤᠯᠭ᠎ᠠ ᠬᠢᠬᠦ ᠶᠢᠨ ᠰᠠᠭᠤᠷᠢᠨ ᠳᠡᠭᠡᠷ᠎ᠡ᠂ ᠮᠧᠰᠤ᠋ ᠰᠦᠪᠡᠲᠦ ᠮᠤᠯᠧᠺᠦ᠋ᠯ ᠦᠨ ᠰᠠᠢ᠌ᠵᠠ SBA-15᠋ ᠶᠢᠨ ᠰᠢᠨᠵᠢ ᠴᠢᠨᠠᠷ᠂ ᠭᠠᠷᠭᠠᠨ ᠠᠪᠬᠤ ᠠᠷᠭ᠎ᠠ ᠬᠡᠮᠵᠢᠶ᠎ᠡ᠂ ᠴᠢᠨᠠᠷ ᠰᠠᠢ᠌ᠵᠢᠷᠠᠭᠤᠯᠬᠤ ᠪᠠ ᠲᠡᠭᠦᠨ ᠦ ᠦᠷᠭᠡᠨ ᠬᠡᠷᠡᠭᠯᠡᠭᠡ ᠵᠢᠴᠢ ᠣᠳᠤᠬᠠᠨ ᠤ ᠰᠤᠳᠤᠯᠤᠯ ᠳᠤᠮᠳᠠ ᠣᠷᠤᠰᠢᠵᠤ ᠪᠠᠢ᠌ᠭ᠎ᠠ ᠠᠰᠠᠭᠤᠳᠠᠯ ᠵᠡᠷᠭᠡ ᠲᠠᠯ᠎ᠠ ᠠᠴᠠ ᠦᠭᠦᠯᠡᠪᠡ᠃ |
Original Literature |
View Original Paper
|
出自 |
内蒙古民族大学学报(自然科学)
2014年
第1期
|