Paper Information


Title ᠬᠤᠷᠴᠢᠨ ᠪᠦᠬᠡ ᠮᠦᠷᠭᠦᠯ ᠤᠨ ᠰᠢᠪᠠᠭᠤᠳ ᠤᠩᠭ᠋ᠤᠳ ᠤᠨ ᠰᠢᠳᠦᠯᠬᠡ
Creator ᠡᠷᠳᠡᠮᠳᠦ
Keyword ᠬᠤᠷᠴᠢᠨ ᠪᠦᠬᠡ ᠮᠦᠷᠭᠦᠯ; ᠰᠢᠪᠠᠭᠤᠳ ᠤᠩᠭ᠋ᠤᠳ ; ᠤᠩᠭ᠋ᠤᠳ ᠰᠢᠳᠦᠯᠬᠡ
Abstract ᠪᠦᠬᠡ ᠮᠦᠷᠭᠦᠯ ᠤᠨ ᠬᠤᠷᠴᠢᠨ ᠨᠤᠳᠤᠭ ᠲᠤ ᠤᠳᠤ ᠪᠤᠯᠲᠠᠯ ᠠ ᠤᠯᠠᠮᠵᠢᠯᠠᠭᠳᠠᠨ ᠬᠠᠳᠠᠭᠠᠯᠠᠭᠳᠠᠭᠰᠠᠭᠠᠷ ᠪᠠᠢ᠌ᠭ᠎ᠠ ᠢᠵᠠᠭᠤᠷ ᠰᠤᠶᠤᠯ ᠤᠨ ᠨᠢᠭᠡ ᠪᠤᠯᠵᠤ᠂ ᠮᠣᠩᠭᠣᠯ ᠪᠦᠬᠡ ᠮᠦᠷᠭᠦᠯ ᠬᠢᠭᠡᠳ ᠳᠡᠯᠡᠬᠡᠢ ᠶᠢᠨ ᠰᠠᠮᠠᠨ ᠱᠠᠰᠢᠨ ᠦ ᠭᠦᠭ᠍ᠵᠢᠯ ᠤᠨ ᠤᠨᠴᠠᠭᠠᠢ ᠤᠷᠳᠤᠨ ᠬᠡᠮᠡᠭᠳᠡᠨ᠂ ᠳᠡᠯᠡᠬᠡᠢ ᠳᠠᠬᠢᠨ ᠦ ᠤᠯᠠᠨ ᠡᠷᠳᠡᠮᠳᠡᠳ ᠤᠨ ᠠᠩᠬᠠᠷᠤᠯ ᠢ ᠳᠠᠳᠠᠵᠤ ᠪᠤᠢ᠃ ᠬᠤᠷᠢᠴᠨ ᠪᠦᠬᠡ ᠮᠦᠷᠭᠦᠯ ᠨᠢ ᠡᠷᠳᠡᠨ ᠦ ᠮᠣᠩᠭ᠋ᠣᠯᠴᠣᠳ ᠬᠢᠭᠡᠳ ᠤᠮᠠᠷᠠᠳᠤ ᠶᠢᠨ ᠤᠯᠠᠨ ᠦᠨᠳᠦᠰᠦᠳᠡᠨ ᠦ ᠲᠤᠮᠲᠠ ᠲᠦᠬᠡᠮᠡᠯ ᠳᠡᠯᠬᠡᠷᠡᠵᠦ ᠪᠠᠢ᠌ᠭᠰᠠᠨ ᠪᠦᠬᠡ ᠶᠢᠨ ᠱᠠᠰᠢᠨ ᠢ ᠢᠳᠡᠪᠬᠢᠳᠡᠢ ᠵᠠᠯᠭᠠᠮᠵᠢᠯᠠᠨ ᠭᠦᠭ᠍ᠵᠢᠬᠦᠯᠦᠭᠰᠡᠨ ᠶᠢᠨᠷ ᠪᠠᠷᠠᠬᠤ ᠦᠬᠡᠢ ᠪᠠᠰᠠ ᠤᠷᠤᠨ ᠨᠤᠳᠤᠭ ᠤᠨ ᠤᠨᠴᠠᠯᠢᠭ ᠪᠦᠭᠦᠢ ᠰᠤᠶᠤᠯ ᠤᠨ ᠦᠵᠡᠭᠳᠡᠯ ᠪᠤᠯᠤᠭᠰᠠᠨ ᠶᠤᠮ᠃ ᠬᠤᠷᠴᠢᠨ ᠪᠦᠬᠡ ᠮᠦᠷᠭᠦᠯ ᠤᠨ ᠰᠤᠳᠤᠯᠤᠯ ᠨᠢ ᠨᠡᠢ᠌ᠳᠡ ᠮᠣᠩᠭ᠋ᠣᠯᠴᠣᠳ ᠤᠨ ᠪᠦᠬᠡ ᠮᠦᠷᠭᠦᠯ ᠤᠨ ᠰᠤᠳᠤᠯᠤᠯ ᠬᠢᠭᠡᠳ ᠳᠡᠯᠡᠬᠡᠢ ᠶᠢᠨ ᠰᠠᠮᠠᠨᠢᠰᠮ ᠤᠨ ᠰᠤᠳᠤᠯᠤᠯ ᠤᠨ ᠴᠢᠬᠤᠯᠠ ᠠᠴᠢ ᠬᠤᠯᠪᠤᠭᠳᠠᠯ ᠲᠠᠢ᠃ ᠥᠭᠥᠯᠡᠯ ᠳᠤ ᠬᠤᠷᠴᠢᠨ ᠪᠦᠬᠡ ᠮᠦᠷᠭᠦᠯ ᠤᠨ ᠲᠤᠬᠠᠢ ᠠᠩᠬᠠᠷᠤᠯ ᠳᠡᠯᠪᠢᠨ ᠂ ᠬᠤᠷᠴᠢᠨ ᠪᠦᠬᠡ ᠮᠦᠷᠭᠦᠯ ᠤᠨ ᠤᠩᠭ᠋ᠤᠳ ᠰᠢᠳᠦᠯᠬᠡ ᠶᠢᠨ ᠲᠤᠬᠠᠢ ᠲᠤᠰᠬᠠᠢ᠌ᠯᠠᠨ ᠰᠤᠳᠤᠯᠤᠭᠰᠠᠨ ᠪᠠᠢ᠌ᠨ᠎ᠠ᠃
Original Literature View Original Paper
出自 内蒙古民族大学学报(社会科学) 2009年 第1期

联系我们


内蒙古大学图书馆
呼和浩特市大学西路235号
中国·内蒙古
P: (0471) 4992561
E: huangfeilong@imu.edu.cn