Paper Information


Title 《ᠮᠣᠩ᠋ᠭᠤᠯ ᠤᠨ ᠨᠢᠭᠤᠴᠠ ᠲᠤᠪᠴᠢᠶᠠᠨ》᠋ ᠤ ᠣᠢ᠌ᠭᠤᠷᠵᠢᠨ ᠮᠣᠩ᠋ᠭᠤᠯ ᠦᠰᠦᠭ ᠦᠨ ᠤᠤᠯ ᠡᠬᠡ ᠳᠡᠬᠢ ᠣᠨᠴᠤᠭᠤᠢ ᠪᠢᠴᠢᠯᠭᠡᠲᠦ ᠦᠭᠡ ᠡᠴᠡ ᠭᠤᠷᠪᠠ ᠶᠢ ᠰᠡᠷᠭᠦᠭᠡᠨ ᠲᠤᠳᠤᠯᠠᠬᠤ ᠨᠢ
Creator ᠪᠦᠷᠢᠨᠪᠠᠲᠤ
Keyword
Abstract ᠲᠤᠰ ᠦᠭᠦᠯᠡᠯ ᠳᠦ ᠂ ᠵᠤᠬᠢᠶᠠᠭᠴᠢ 《ᠮᠣᠩ᠋ᠭᠤᠯ ᠤᠨ ᠨᠢᠭᠤᠴᠠ ᠲᠤᠪᠴᠢᠶᠠᠨ》᠋ ᠢ ᠦᠰᠦᠭ ᠪᠢᠴᠢᠭ᠌ ᠦᠨ ᠤᠬᠠᠭᠠᠨ ᠤ ᠡᠭᠦᠳᠡᠨ ᠡᠴᠡ ᠰᠤᠳᠤᠯᠵᠤ᠂ ᠤᠤᠯ ᠡᠬᠡ ᠶᠢᠨ ᠬᠢᠨᠢ ᠰᠤᠳᠤᠯᠤᠯ ᠤᠨ ᠲᠠᠯ᠎ᠠ ᠪᠠᠷ ᠰᠢᠨ᠎ᠡ ᠵᠠᠮ ᠢ ᠨᠡᠭᠡᠭᠡᠵᠦ᠂ ᠰᠢᠨ᠎ᠡ ᠰᠦᠪᠭ᠍᠍ᠴᠢᠯᠡᠯ ᠭᠠᠷᠭᠠᠨ ᠤᠤᠯ ᠡᠬᠡᠳᠡᠬᠢ ᠰᠤᠨᠢᠨ ᠳᠦᠷᠰᠦ ᠲᠡᠢ ᠪᠤᠶᠤ ᠣᠨᠴᠤᠭᠤᠢ ᠪᠢᠴᠢᠯᠭᠡ ᠲᠡᠢ ᠪᠠᠢ᠌ᠭᠰᠠᠨ ᠦᠭᠡᠨ ᠳᠦᠨᠢ ᠬᠦᠷᠲᠡᠯ᠎ᠡ ᠰᠡᠷᠭᠦᠭᠡᠨ ᠲᠤᠳᠤᠯᠠᠬᠤ ᠭᠡᠰᠡᠨ ᠪᠦᠲᠦᠭᠡᠯᠴᠢ ᠣᠷᠤᠯᠳᠤᠯᠭ᠎ᠠ ᠬᠢᠵᠡᠢ᠃ ᠡᠭᠦᠨ ᠢᠶᠡᠨ᠂ ᠣᠢ᠌ᠭᠤᠷᠵᠢᠨ ᠮᠣᠩ᠋ᠭᠤᠯ ᠦᠰᠦᠭ ᠲᠦ ᠯᠡ ᠪᠠᠢ᠌ᠵᠤ ᠪᠤᠯᠳᠠᠭ ᠵᠠᠷᠢᠮ ᠦᠪᠡᠷᠮᠢᠴᠡ ᠣᠨᠴᠠᠯᠢᠭ ᠤᠳ ᠢᠶᠠᠷ ᠪᠠᠷᠢᠮᠲᠠ ᠪᠤᠯᠭᠠᠨ ᠰᠢᠨᠵᠢᠯᠡᠨ ᠢᠯᠡᠷᠡᠭᠦᠯᠵᠦ᠂ ᠪᠠᠲᠤᠯᠠᠨ ᠦᠭᠦᠯᠡᠭᠰᠡᠨ ᠦ ᠬᠠᠮᠲᠤ᠂ 《ᠮᠣᠩ᠋ᠭᠤᠯ ᠤᠨ ᠨᠢᠭᠤᠴᠠ ᠲᠤᠪᠴᠢᠶᠠᠨ》᠋ ᠤ ᠤᠤᠯ ᠡᠬᠡ ᠪᠤᠯ ᠣᠢ᠌ᠭᠤᠷᠵᠢᠨ ᠮᠣᠩ᠋ᠭᠤᠯ ᠦᠰᠦᠭ ᠢᠶᠡᠷ ᠪᠢᠴᠢᠭᠳᠡᠭᠰᠡᠨ ᠨᠢ ᠯᠠᠪᠲᠠᠢ ᠭᠡᠳᠡᠭ ᠢ ᠰᠢᠭᠤᠳᠪᠤᠷᠢᠲᠠᠢ ᠳᠤᠷᠠᠳᠬᠤ ᠵᠤᠷᠢᠯᠲᠠ ᠲᠠᠯᠪᠢᠭᠰᠠᠨ ᠪᠠᠢ᠌ᠨ᠎ᠠ᠃ 《ᠮᠣᠩ᠋ᠭᠤᠯ ᠤᠨ ᠨᠢᠭᠤᠴᠠ ᠲᠤᠪᠴᠢᠶᠠᠨ》᠋ ᠤ ᠬᠢᠲᠠᠳ ᠭᠠᠯᠢᠭᠯᠠᠯ ᠡᠬᠡ ᠪᠡ 《ᠠᠯᠲᠠᠨ ᠲᠤᠪᠴᠢ》᠋ ᠶᠢ ᠬᠠᠷᠢᠴᠠᠭᠤᠯᠤᠨ ᠰᠤᠳᠤᠯᠤᠭᠰᠠᠨ ᠤ ᠳ᠋ᠦᠩ ᠳᠦ ᠵᠢᠩᠬᠢᠨᠢ ᠡᠬᠡ ᠳᠦᠨᠢ 《ᠳᠠᠷᠤᠭᠠᠰ》ᠭᠡᠬᠦ ᠦᠭᠡ ᠶᠢ 《》ᠭᠡᠵᠦ᠂ 《ᠢᠲᠡᠭᠡᠯᠲᠡᠨ》ᠭᠡᠬᠦ ᠦᠭᠡ ᠶᠢ 《》ᠭᠡᠵᠦ᠂ 《ᠨᠡᠮᠦᠷᠭᠡ》ᠭᠡᠬᠦ ᠦᠭᠡ ᠶᠢ 《》ᠭᠡᠵᠦ ᠪᠢᠴᠢᠵᠦ ᠪᠠᠢ᠌ᠭᠰᠠᠨ ᠶᠤᠮ ᠪᠠᠢ᠌ᠨ᠎ᠠ ᠭᠡᠵᠦ ᠰᠡᠷᠭᠦᠭᠡᠨ ᠲᠤᠳᠤᠯᠠᠭᠰᠠᠨ ᠪᠠᠢ᠌ᠨ᠎ᠠ᠃
Original Literature No Original Paper
出自 内蒙古大学学报 1994年 第1期

联系我们


内蒙古大学图书馆
呼和浩特市大学西路235号
中国·内蒙古
P: (0471) 4992561
E: huangfeilong@imu.edu.cn