Title |
ᠬᠠᠢ᠌ᠴᠢᠨ ᠳᠤ ᠬᠡᠷᠪᠢᠭ᠍ᠳᠡᠭᠰᠡᠨ ᠬᠠᠢ᠌ᠢᠷ᠎ᠠ ᠢᠢᠨ ᠭᠣᠮᠣᠳᠠᠭᠤ《ᠵᠣᠨᠣᠩ ᠬᠠᠷ᠎ᠠ ᠢᠢᠨ ᠪᠦᠳᠦᠷᠢᠭᠡᠰᠤ》—ᠴᠠᠭᠣᠷ ᠤᠨ ᠳᠣᠮᠣᠭ ᠤᠨ ᠰᠣᠳᠣᠯᠣᠯ (ᠬᠣᠶᠠᠷ) |
Creator |
ᠲᠡᠭᠦᠰᠪᠠᠶᠠᠷ |
Keyword |
ᠴᠣᠭᠣᠷ ᠤᠨ ᠳᠣᠮᠣᠭ;《ᠵᠣᠨᠣᠩ ᠬᠠᠷ᠎ᠠ》;《ᠠᠷᠠᠳ ᠤᠨ ᠳᠠᠭᠤᠤ》 |
Abstract |
ᠲᠤᠰ ᠦᠭᠦᠯᠡᠯ ᠳᠤ ᠭᠠᠳᠠᠭᠠᠳᠤ ᠢᠢᠨ ᠵᠢᠭᠤᠯᠴᠢᠨ ᠬᠠᠰᠯᠤᠨᠳᠠ ᠢᠢᠨ ᠬᠣᠷᠢᠳᠤᠭᠠᠷ ᠵᠠᠭᠤᠨ ᠤ ᠭᠤᠴᠢᠨ ᠬᠡᠳᠦᠨ ᠣᠨ ᠳᠤ ᠴᠠᠬᠠᠷ ᠤᠨ ᠨᠢᠭᠡ ᠡᠪᠦᠭᠡᠨ ᠡᠴᠡ ᠰᠣᠨᠣᠰᠴᠤ ᠳᠡᠮᠳᠡᠭ᠍ᠯᠡᠭ᠍ᠰᠡᠨ《ᠴᠣᠭᠣᠷ ᠤᠨ ᠡᠭᠦᠰᠦᠯ ᠤᠨ ᠳᠣᠮᠣᠭ》ᠪᠠ ᠦᠪᠦᠷ ᠮᠣᠩᠭᠣᠯ ᠤᠨ ᠰᠢᠯᠢ ᠢᠢᠨ ᠭᠣᠣᠯ᠂ ᠪᠠᠶᠠᠨᠨᠠᠭᠤᠷ ᠢᠢᠷᠡ ᠤᠯᠠᠨᠵᠢᠯᠠᠭᠳᠠᠵᠤ ᠪᠠᠢ᠌ᠭᠰᠠᠨ《ᠵᠣᠨᠣᠩ ᠬᠠᠷ᠎ᠠ》ᠭᠡᠳᠡᠭ ᠳᠠᠭᠤᠤ ᠵᠢ ᠨᠠᠷᠢᠨ ᠲᠠᠨᠢᠯᠴᠠᠭᠤᠯᠵᠤ᠂ ᠳᠠᠭᠤᠤ ᠪᠠ ᠳᠣᠮᠣᠭ ᠨᠢ ᠬᠦᠯᠦᠭ ᠤᠨ ᠨᠡᠷ᠎ᠡ ᠪᠠ ᠢᠨᠠᠠᠭ ᠤᠨ ᠦᠢᠯᠡ ᠪᠡᠷ ᠢᠢᠡᠨ ᠬᠣᠯᠪᠣᠭᠳᠠᠵᠤ ᠪᠠᠢ᠌ᠬᠤ ᠵᠢ ᠳᠣᠳᠣᠯᠪᠠ᠃ ᠡᠭᠦᠨ ᠳᠤ᠂《ᠵᠣᠨᠣᠩ》(jonung) ᠪᠣᠯ ᠳᠣᠮᠣᠭ ᠪᠠ ᠳᠠᠭᠤᠤ ᠳᠤ ᠴᠦᠮ ᠭᠠᠷᠴᠤ ᠪᠠᠢ᠌ᠳᠠᠭ ᠬᠦᠯᠦᠭ ᠤᠨ ᠨᠡᠷ᠎ᠡ ᠮᠦᠨ᠃ ᠲᠡᠷᠡ ᠨᠢ ᠲᠤᠬᠠᠢ ᠢᠢᠨ ᠳᠣᠮᠣᠭ ᠪᠠ ᠳᠠᠭᠤᠤ ᠵᠢ ᠭᠦᠨ ᠣᠢ᠌ᠯᠠᠭᠠᠬᠤ ᠳᠤ 《ᠣᠨᠢᠰᠤ》ᠪᠣᠯᠬᠤ ᠲᠤᠯᠠ ᠲᠤᠰ ᠦᠭᠦᠯᠡᠯ ᠳᠤ ᠲᠡᠭᠦᠨ ᠤ ᠦᠭᠡ ᠢᠢᠨ ᠲᠠᠢ᠌ᠯᠪᠤᠷᠢ ᠵᠢ ᠠᠯᠳᠠᠢ ᠢᠵᠠᠭᠤᠷ ᠤᠨ ᠮᠠᠨᠵᠤ ᠵᠡᠷᠭᠡ ᠬᠡᠯᠡᠨ ᠡᠴᠡ ᠬᠠᠢ᠌ᠵᠤ ᠦᠵᠡᠪᠡ᠃
ᠬᠠᠰᠯᠣᠨᠳᠠ ᠢᠢᠨ ᠲᠡᠮᠳᠡᠭ᠍ᠯᠡᠭᠰᠡᠨ ᠲᠤᠬᠠᠢ ᠢᠨ ᠳᠣᠮᠣᠭ ᠨᠢ ᠴᠠᠭᠣᠷ ᠤᠨ ᠡᠭᠦᠰᠦᠯ ᠤᠨ ᠳᠣᠮᠣᠭ ᠪᠣᠯᠬᠤ ᠮᠦᠷᠳᠡᠭᠡᠨ ᠮᠣᠩᠭᠣᠯ ᠤᠨ《ᠠᠩᠬᠠᠨ ᠤ ᠳᠠᠭᠤᠤ》 ᠵᠢ ᠶᠠᠷᠢᠭᠰᠠᠨ ᠳᠠᠭᠤᠤ ᠢᠢᠨ ᠡᠭᠦᠰᠦᠯ ᠤᠨ ᠳᠣᠮᠣᠭ ᠴᠤ ᠪᠣᠯᠳᠠᠭ᠃ ᠡᠭᠦᠨ ᠳᠤ ᠳᠣᠮᠣᠭ ᠳᠤ ᠶᠠᠷᠢᠭᠰᠠᠨ ᠲᠡᠷᠡ ᠬᠦ《ᠠᠩᠬᠠᠨ ᠼ ᠳᠣᠮᠣᠭ》ᠨᠢ ᠠᠷᠠᠳ ᠤᠨ ᠳᠠᠭᠤᠤ《ᠵᠣᠨᠣᠩ ᠬᠠᠷ᠎ᠠ》ᠯᠤᠭ᠎ᠠ ᠬᠣᠯᠪᠣᠭ᠎ᠠ ᠲᠠᠢ ᠪᠣᠯᠵᠤ ᠪᠠᠢ᠌ᠨ᠎ᠠ᠃ |
Original Literature |
View Original Paper
|
出自 |
内蒙古大学学报
2010年
第3期
|