Paper Information


Title ᠮᠤᠩᠭ᠋ᠤᠯ ᠬᠡᠯᠡᠨ ᠤ 《ᠦᠵᠢᠨ》ᠭᠡᠬᠦ ᠦᠭᠡ ᠶᠢᠨ ᠲᠤᠬᠠᠢ
Creator ᠭᠤ‍ · ᠵᠤᠷᠢᠭᠳᠤ
Keyword ᠦᠵᠢᠨ; ᠡᠭᠡᠰᠢᠭ᠌ ᠤᠨ ᠰᠡᠯᠭᠦᠴᠡᠯ; ᠮᠤᠩᠭ᠋ᠤᠯ ᠦᠭᠡ
Abstract ᠮᠤᠩᠭ᠋ᠤᠯ ᠬᠡᠯᠡᠨ ᠤ 《ᠦᠵᠢᠨ》 ᠭᠡᠬᠦ ᠦᠭᠡ ᠶᠢᠨ ᠭᠠᠷᠤᠯ ᠡᠭᠦᠰᠦᠯ ᠤᠨ ᠲᠤᠬᠠᠢ ᠡᠷᠳᠡᠮᠳᠡᠳ ᠤᠨ ᠦᠵᠡᠯᠳᠡ ᠨᠢᠭᠡᠳᠦᠯ ᠦᠭᠡᠢ ᠪᠠᠢ᠌ᠭᠰᠠᠭᠠᠷ᠃ ᠵᠠᠷᠢᠮ ᠡᠷᠳᠡᠮᠳᠡᠳ ᠮᠤᠩᠭ᠋ᠤᠯ ᠬᠡᠯᠡᠨ ᠤ 《ᠦᠵᠢᠨ》 ᠭᠡᠬᠦ ᠦᠭᠡ ᠶᠢ ᠬᠢᠳᠠᠳ ᠬᠡᠯᠡᠨ ᠤ《夫人》ᠭᠡᠬᠦ ᠦᠭᠡ ᠡᠴᠡ ᠢᠷᠡᠯᠳᠡᠢ ᠭᠡᠵᠦ ᠦᠵᠡᠵᠦ ᠪᠠᠢ᠌ᠳᠠᠭ᠃ ᠵᠤᠬᠢᠶᠠᠭᠴᠢ ᠲᠤᠰ ᠦᠭᠦᠯᠡᠯ ᠳᠤ ᠪᠠᠨ ᠮᠤᠩᠭ᠋ᠤᠯ ᠬᠡᠯᠡᠨ ᠤ 《ᠦᠵᠢᠨ》 ᠢ ᠬᠢᠳᠠᠳ ᠬᠡᠯᠡᠨ ᠤ《夫人》 ᠡᠴᠡ ᠢᠷᠡᠭᠰᠡᠨ ᠪᠢᠰᠢ᠂ ᠬᠠᠷᠢᠨ ᠮᠤᠩᠭ᠋ᠤᠯ ᠬᠡᠯᠡᠨ ᠤ ᠦᠭᠡ ᠶᠢᠨ ᠢᠵᠠᠭᠤᠷ ᠲᠤ ᠬᠢ ᠡᠭᠡᠰᠢᠭ᠌ ᠰᠡᠯᠭᠦᠴᠡᠵᠦ ᠦᠭᠡ ᠡᠭᠦᠰᠭᠡᠨ ᠪᠦᠳᠦᠭᠡᠳᠡᠭ ᠵᠢᠮ᠎ᠡ ᠬᠠᠤᠯᠢ ᠶᠢᠨ ᠲᠠᠭᠠᠳ ᠮᠤᠩᠭ᠋ᠤᠯ ᠬᠡᠯᠡᠨ ᠤ《ᠡᠵᠡᠨ》 ᠭᠡᠬᠦ ᠦᠭᠡ ᠶᠢᠨ ᠢᠵᠠᠭᠤᠷ ᠲᠤ ᠬᠢ ᠡᠭᠡᠰᠢᠭ᠌ ᠰᠡᠯᠭᠦᠴᠡᠭᠰᠡᠨ ᠡᠴᠡ ᠪᠤᠯᠵᠤ ᠡᠭᠦᠰᠦᠭᠰᠡᠨ᠂ ᠤᠳᠬ᠎ᠠ ᠶᠢᠨ ᠬᠤᠪᠢ ᠳᠤ 《ᠡᠵᠡᠨ》 ᠲᠠᠢ ᠤᠢ᠌ᠷᠠᠯᠴᠠᠭ᠎ᠠ 《ᠪᠠᠢ᠌ᠷᠢ ᠰᠠᠭᠤᠷᠢ ᠶᠢᠨ ᠲᠠᠯ᠎ᠠ ᠪᠡᠷ ᠬᠠᠮᠤᠭ ᠤᠨ ᠦᠨᠳᠦᠷ ᠡᠮᠡᠭᠳᠡᠢ ᠬᠦᠮᠦᠨ》 ᠢ ᠵᠢᠭᠠᠭᠰᠠᠨ ᠮᠤᠩᠭ᠋ᠤᠯ ᠦᠭᠡ ᠮᠦᠨ ᠭᠡᠵᠦ ᠦᠵᠡᠭᠰᠡᠨ ᠪᠠᠢ᠌ᠨ᠎ᠠ᠃
Original Literature View Original Paper
出自 内蒙古大学学报 2015年 第5期

联系我们


内蒙古大学图书馆
呼和浩特市大学西路235号
中国·内蒙古
P: (0471) 4992561
E: huangfeilong@imu.edu.cn