Paper Information


Title ᠲᠠᠩ ᠤᠯᠤᠰ ᠤᠨ ᠰᠢᠯᠦᠭ ᠲᠠᠭᠤᠤ ᠶᠢᠨ ᠬᠦᠭᠵᠢᠯᠲᠡ ᠶᠢᠨ ᠲᠣᠬᠠᠢ
Creator ᠨᠠᠷᠠᠰᠤ
Keyword ᠲᠠᠩ ᠤᠯᠤᠰ ;ᠰᠢᠯᠦᠭ ᠲᠠᠭᠤᠤ ;ᠬᠦᠭᠵᠢᠯᠲᠡ
Abstract ᠲᠠᠩ ᠤᠯᠤᠯᠰ ᠤᠨ ᠰᠢᠯᠦᠭ ᠨᠠᠢᠷᠠ ᠪᠣᠯ ᠲᠤᠮᠳᠠᠳᠤ ᠤᠯᠤᠰ ᠤᠨ ᠡᠷᠲᠡᠨ ᠤ ᠤᠳᠬ ᠠ ᠵᠣᠬᠢᠶᠠᠯ ᠤᠨ ᠴᠢᠬᠤᠯᠠ ᠨᠢᠭᠡ ᠪᠦᠷᠯᠳᠦᠭᠦᠨ ᠬᠡᠰᠡᠭ ᠪᠣᠯᠬᠤ ᠪᠦᠭᠡᠳ ᠲᠤᠮᠳᠠᠳᠤ ᠤᠯᠤᠰ ᠤᠨ ᠡᠷᠲᠡᠨ ᠤ ᠰᠢᠯᠦᠭ ᠨᠠᠢᠷᠠᠭ ᠤᠨ ᠭᠦᠭᠵᠢᠯ ᠳ᠋ᠤ ᠬᠠᠮᠤᠭ ᠦᠷᠨᠢᠩᠬᠦᠢ ᠴᠠᠭ ᠡᠷᠡᠨ ᠢ ᠪᠤᠢ ᠪᠣᠯᠭᠠᠭᠰᠠᠨ ᠶᠣᠮ᠃ ᠴᠢᠩ ᠤᠯᠤᠰ ᠤᠨ ᠡᠩᠬᠡ ᠠᠮᠠᠭᠤᠯᠤᠠᠩ ᠤᠨ ᠦᠶ ᠡ ᠳ᠋ᠤ ᠡᠮᠬᠢᠳᠭᠡᠨ ᠨᠠᠢᠷᠠᠭᠤᠯᠤᠭᠰᠠᠨ《ᠪᠦᠬᠦ ᠲᠠᠩ ᠤᠨ ᠰᠢᠯᠦᠭ》ᠬᠡᠮᠡᠬᠦ ᠲᠡᠭᠦᠪᠦᠷᠢ ᠵᠢ ᠦᠨᠳᠦᠰᠦᠯᠡᠪᠡᠯ᠂ ᠲᠠᠩ ᠤᠯᠤᠰ ᠤᠨ ᠦᠶ ᠡ ᠳ᠋ᠤ ᠬᠤᠶᠠᠷ ᠮᠢᠩᠭ᠎ᠠ ᠭᠤᠷᠠᠪ ᠵᠠᠭᠤ ᠢᠯᠡᠬᠦᠦ ᠰᠢᠯᠦᠭᠴᠢᠪᠠᠢᠭᠰᠠᠨ ᠪᠦᠭᠡᠳ᠂ ᠲᠡᠳᠡ ᠲᠠᠪᠤᠨ ᠲᠦᠮᠡ ᠰᠢᠬᠠᠮ ᠰᠢᠯᠦᠭ ᠤᠨ ᠵᠣᠬᠢᠶᠠᠨ ᠪᠦᠲᠦᠭᠡᠵᠦ᠂ ᠲᠣᠬᠠᠢ ᠶᠢᠨ ᠨᠡᠢᠭᠡᠮ ᠤᠨ ᠠᠮᠢᠳᠤᠷᠠᠯ ᠢ ᠦᠷᠭᠡᠨ ᠲᠡᠯᠭᠡᠷ ᠮᠦᠷᠲᠡᠭᠡᠨ ᠬᠦᠨ ᠬᠦᠨᠵᠡᠭᠡᠢ ᠲᠤᠷᠠᠢᠯᠭᠠᠨ ᠦᠵᠡᠭᠦᠯᠵᠦ᠂ ᠠᠭᠤᠯᠭ᠎ᠠ ᠶᠢᠨ ᠲᠠᠯ ᠠ ᠪᠡᠷ ᠮᠠᠰᠢ ᠦᠨᠢᠷ ᠪᠠᠶᠠᠯᠢᠭ ᠪᠣᠯᠤᠭᠰᠠ ᠡᠴᠡ ᠭᠠᠳᠠᠨ᠎ᠠ᠂ ᠬᠡᠯᠪᠡᠷᠢ᠂ ᠠᠷᠭ᠎ᠠ ᠪᠠᠷᠢᠯ ᠤᠨ ᠲᠠᠯ ᠠ ᠪᠡᠷ ᠭᠤᠢᠳᠠ ᠰᠠᠢᠬᠠᠨ ᠠᠮᠵᠢᠯᠲᠠ ᠤᠯᠵᠠᠢ᠃ ᠲᠠᠩ ᠤᠯᠤᠰ ᠤᠨ ᠦᠶ ᠡ ᠳ᠋ᠤ ᠪᠡᠶ ᠠ ᠪᠠᠨ ᠲᠠᠭᠠᠭᠠᠭᠰᠠᠨ ᠤᠷᠤᠰᠬᠠᠯ ᠪᠦᠯᠦᠭ ᠪᠣᠯᠵᠤ ᠠᠯᠠᠤ ᠬᠡᠳᠦ ᠶᠢᠨ ᠨᠦᠯᠦᠭ ᠡᠭᠠᠷᠭᠠᠭᠰᠠᠨ ᠰᠢᠯᠦᠭᠴᠢ ᠬᠤᠷᠢᠨ ᠬᠡᠳᠦ ᠪᠠᠢᠭᠰᠠᠨ ᠪᠠ ᠲᠤᠰ ᠲᠤᠰ  ᠤᠨ ᠦᠪᠡᠷᠮᠢᠴᠡ ᠣᠨᠴᠠᠯᠢᠭ ᠲᠠᠢ ᠮᠦᠷᠲᠡᠭᠡᠨ ᠤᠳᠬ ᠠ ᠵᠣᠬᠢᠶᠠᠯ ᠤᠨ ᠲᠡᠦᠬᠡᠨ ᠳ᠋ᠤ ᠵᠣᠬᠢᠬᠤ ᠪᠠᠢᠷᠠᠢ ᠰᠠᠭᠤᠷᠢ ᠵᠢ ᠡᠵᠡᠯᠡᠵᠦ ᠪᠠᠢᠭ᠎ᠠ ᠰᠢᠯᠦᠭᠴᠢ ᠴᠦ ᠵᠠᠭᠤ ᠭᠠᠷᠤᠢ ᠪᠠᠢᠵᠠᠢ᠃ ᠢᠯᠠᠩᠭᠤ ᠠ ᠯᠢ ᠪᠠᠢ᠂ ᠳ᠋ᠦ᠋ ᠹᠦ᠋; ᠪᠠᠢ ᠵᠢᠤᠢ ᠢ ᠨᠠᠷ ᠪᠣᠯ ᠲᠡᠯᠡᠬᠡᠢ ᠳ᠋ᠤ ᠨᠡᠷ ᠡ ᠠᠯᠳᠠᠷ ᠲᠠᠢ ᠠᠭᠤᠤ ᠶᠡᠬᠡ ᠰᠢᠯᠦᠭᠴᠢ ᠪᠣᠯᠬᠤ ᠶᠣᠮ᠃ ᠡᠨᠡ ᠦᠶᠡ ᠶᠢᠨ ᠰᠢᠯᠦᠭ ᠤᠨ ᠲᠠᠪᠴᠠᠩ ᠳ᠋ᠤ᠂ ᠤᠯᠠᠨ ᠵᠦᠢᠯ ᠤᠨ ᠤᠷᠠᠯᠢᠭ ᠤᠨ ᠰ᠋ᠧᠲ᠋ᠸᠯ ᠦᠩᠭᠡ ᠪᠤᠯᠢᠶᠠᠯᠲᠤᠨ ᠲᠡᠯᠭᠡᠷᠡᠵᠦ᠂ ᠡᠯ ᠠ ᠵᠦᠢᠯ ᠤᠨ ᠲᠢᠭ ᠬᠡᠯᠪᠡᠷᠢ ᠪᠣᠯᠪᠠᠰᠤᠷᠠᠯ ᠲᠡᠭᠦᠯᠳᠡᠷᠵᠢᠭᠡᠳ ᠠᠰᠤᠷᠤᠤ ᠰᠠᠢᠬᠠᠨ ᠲᠦᠷᠰᠦ ᠪᠠᠢᠳᠠᠯ ᠢᠯᠡᠷᠡᠵᠡᠢ᠃ ᠨᠢᠭᠡ ᠯᠡ ᠦᠭᠡᠷ ᠡ ᠪᠡᠷ ᠬᠡᠯᠡᠪᠡᠯ᠃ ᠲᠠᠩ ᠤᠨ ᠰᠢᠯᠦᠭ ᠪᠣᠯ ᠮᠠᠨ ᠤ ᠤᠯᠤᠰ ᠤᠨ ᠤᠳᠬ ᠠ ᠵᠣᠬᠢᠶᠠᠯ ᠦᠪ ᠬᠦᠷᠦᠩᠭᠡ ᠶᠢᠨ ᠬᠠᠮᠤᠭ ᠤᠨ ᠬᠤᠪᠤᠷ ᠨᠠᠨᠳᠢᠨ ᠨᠢᠭᠡ ᠬᠡᠰᠡᠭ ᠨᠢ ᠪᠣᠯᠬᠤ ᠶᠣᠮ᠃
Original Literature No Original Paper
出自 内蒙古师范大学学报 1980年 第1期

联系我们


内蒙古大学图书馆
呼和浩特市大学西路235号
中国·内蒙古
P: (0471) 4992561
E: huangfeilong@imu.edu.cn