Paper Information


Title ᠢᠵᠠᠭᠤᠷᠲᠠᠨ ᠤ ᠬᠤᠪᠢᠰᠬᠠᠯ ᠤᠨ ᠳᠠᠭᠤᠴᠢᠨ
Creator ᠮ‍᠂ ᠪᠠᠶᠠᠰᠤᠯ
Keyword ᠢᠵᠠᠭᠤᠷᠲᠠᠨ ᠤ ᠬᠤᠪᠢᠰᠬᠠᠯ; ᠬᠤᠪᠢᠰᠬᠠᠯᠴᠤᠳ ᠳᠠᠭᠤᠴᠢᠨ
Abstract ᠠᠭᠤᠤ ᠶᠡᠬᠡ ᠦᠨᠳᠦᠰᠦᠲᠡᠨ ᠦ ᠰᠢᠯᠦᠭᠴᠢ ᠫᠦᠱᠺᠢᠨ ᠤ ᠪᠤᠭᠤᠨᠢᠬᠠᠨ ᠨᠢᠭᠡ ᠨᠠᠰᠤᠨ ᠤ ᠠᠮᠢᠳᠤᠷᠠᠯ ᠨᠢ ᠤᠷᠤᠰ ᠤᠨ ᠦᠨᠳᠦᠰᠦᠲᠡᠨ ᠦ ᠴᠢᠯᠦᠭᠡᠯᠡᠯᠲᠡ ᠶᠢᠨ ᠬᠦᠳᠡᠯᠭᠡᠭᠡᠨ ᠦ ᠡᠬᠢᠨ ᠦ ᠱᠠᠲᠤ — ᠢᠵᠠᠭᠤᠷᠲᠠᠨ ᠤ ᠬᠤᠪᠢᠰᠬᠠᠯ ᠤᠨ ᠪᠦᠬᠦᠶᠢᠯᠡ ᠴᠠᠭ ᠦᠶ᠎ᠡ ᠳᠦ ᠪᠠᠶᠢᠵᠤ᠂ ᠲᠡᠭᠦᠨ ᠦ ᠬᠠᠭᠠᠨᠲᠤ ᠵᠠᠰᠠᠭ᠂ ᠬᠠᠮᠵᠢᠯᠭᠠᠲᠤ ᠶᠤᠰᠤ ᠶᠢ ᠡᠰᠡᠷᠭᠦᠴᠡᠨ᠂ ᠡᠷᠬᠡ ᠴᠢᠯᠦᠭᠡ ᠶᠢ ᠮᠠᠭᠲᠠᠨ ᠳᠠᠭᠤᠯᠠᠭᠰᠠᠨ ᠳᠠᠪᠰᠢᠩ᠋ᠭᠤᠢ ᠦᠵᠡᠯ ᠰᠠᠨᠠᠭ᠎ᠠ ᠨᠢ ᠵᠤᠬᠢᠶᠠᠨ ᠪᠦᠲᠦᠭᠡᠯᠭᠡ ᠶᠢᠨ ᠬᠢᠨᠢ ᠪᠦᠬᠦ ᠶᠠᠪᠤᠴᠠ ᠳᠤ ᠨᠡᠪᠲᠡᠷᠡᠨ ᠨᠡᠪᠴᠢᠵᠦ ᠪᠠᠶᠢᠳᠠᠭ᠃ ᠭᠡᠲᠡᠯ᠎ᠡ ᠭᠠᠳᠠᠭᠠᠳᠤ ᠳᠤᠲᠤᠭᠠᠳᠤ ᠶᠢᠨ ᠰᠤᠳᠤᠯᠤᠭᠴᠢᠳ ᠰᠢᠭᠦᠮᠵᠢᠯᠡᠭᠴᠢᠳ ᠵᠦᠪᠬᠡᠨ ᠲᠡᠭᠦᠨ ᠦ ᠠᠷᠪᠠᠨ ᠬᠤᠶᠠᠳᠤᠭᠠᠷ ᠰᠠᠷ᠎ᠠ ᠶᠢᠨ ᠨᠠᠮᠲᠠᠨ ᠤ ᠪᠤᠰᠤᠯᠭ᠎ᠠ ᠭᠠᠷᠬᠤ ᠠᠴᠠ ᠡᠮᠦᠨᠡᠬᠢ ᠵᠤᠬᠢᠶᠠᠨ ᠪᠦᠲᠦᠭᠡᠯᠭᠡ ᠶᠢ ᠯᠡ ᠢᠵᠠᠭᠤᠷᠲᠠᠨ ᠤ ᠬᠤᠪᠢᠰᠬᠠᠯ ᠲᠠᠢ ᠬᠤᠯᠪᠤᠵᠤ᠂ ᠪᠤᠰᠤᠯᠭ᠎ᠠ ᠢᠯᠠᠭᠳᠠᠭᠰᠠᠨ ᠠᠴᠠ ᠬᠤᠶᠢᠰᠢᠬᠢ ᠠᠷᠪᠠ ᠭᠠᠷᠤᠢ ᠵᠢᠯ ᠦᠨ ᠵᠤᠬᠢᠶᠠᠯ ᠪᠦᠲᠦᠭᠡᠯ ᠢ ᠦᠭᠡᠷ᠎ᠡ ᠨᠢᠭᠡᠨ ᠬᠠᠷᠭᠠᠰᠤ ᠪᠠᠶᠢᠷᠢ ᠠᠴᠠ ᠦᠵᠡᠵᠦ ᠰᠢᠭᠦᠮᠵᠢᠯᠡᠭᠰᠡᠭᠡᠷ ᠢᠷᠡᠵᠡᠢ᠃ ᠡᠨᠡ ᠨᠢ ᠬᠡᠳᠦ ᠵᠡᠭᠦᠨ ᠦ ᠬᠡᠯᠪᠡᠷᠢᠯ ᠲᠡᠢ ᠤᠨᠤᠯ ᠰᠤᠳᠤᠯᠤᠯ ᠤᠨ ᠨᠦᠯᠦᠭᠡᠨ ᠡᠴᠡ ᠪᠤᠯᠤᠭᠰᠠᠨ᠂ ᠲᠤᠰ ᠦᠭᠦᠯᠡᠯ ᠳᠦ ᠫᠦᠱᠺᠢᠨ ᠦ ᠵᠤᠬᠢᠶᠠᠨ ᠪᠦᠲᠦᠭᠡᠯᠭᠡ ᠶᠢᠨ ᠪᠦᠬᠦᠶᠢᠯᠡ ᠶᠠᠪᠤᠴᠠ ᠶᠢ ᠢᠵᠠᠭᠤᠷᠲᠠᠨ ᠤ ᠬᠤᠪᠢᠰᠬᠠᠯ ᠤᠨ ᠠᠳᠠᠯᠢ ᠪᠤᠰᠤ ᠴᠠᠭ ᠦᠶ᠎ᠡ ᠳᠡᠬᠢ ᠪᠤᠳᠠᠲᠤ ᠪᠠᠶᠢᠳᠠᠯ ᠲᠠᠢ ᠨᠢᠭᠲᠠ ᠤᠶᠠᠯᠳᠤᠭᠤᠯᠤᠨ ᠬᠤᠷᠢᠶᠠᠩ᠋ᠭᠤᠢ ᠵᠠᠳᠠᠯᠵᠤ ᠦᠭᠦᠯᠡᠭᠡᠳ᠂ ᠬᠡᠳᠦ ᠵᠡᠭᠦᠨ ᠦ ᠬᠡᠯᠪᠡᠷᠢᠯ ᠢ ᠰᠢᠭᠦᠮᠵᠢᠯᠡᠨ ᠠᠷᠢᠯᠭᠠᠬᠤ ᠶᠢ ᠵᠤᠷᠢᠵᠠᠢ᠃
Original Literature View Original Paper
出自 内蒙古师范大学学报 2006年 第2期

联系我们


内蒙古大学图书馆
呼和浩特市大学西路235号
中国·内蒙古
P: (0471) 4992561
E: huangfeilong@imu.edu.cn