Paper Information


Title ᠰᠦᠬᠡ ᠂ ᠲᠤᠯᠤᠨᠵᠢᠩ᠂ ᠮᠠᠭᠤᠦ᠌ᠬᠢᠨ ᠬᠡᠭᠦ ᠨᠡᠷ ᠡ ᠶᠢᠨ ᠪᠡᠯᠭᠡ ᠶᠢᠨ ᠰᠢᠳᠦᠯᠭᠡ ᠶᠢᠨ ᠤᠴᠢᠷ
Creator ᠴᠢ‍᠂ ᠡᠷᠳᠡᠨᠢᠪᠠᠶᠠᠷ
Keyword ᠮᠣᠩᠭᠣᠯ ᠬᠦᠮᠦᠨ ᠦ ᠨᠡᠷ ᠠ; ᠪᠡᠯᠭᠡ ᠶᠢᠨ ᠰᠢᠳᠦᠯᠭᠡ; ᠤᠴᠢᠷ ᠶᠤᠰᠤ
Abstract ᠮᠣᠩᠭᠣᠯ ᠬᠦᠮᠦᠨ ᠦ ᠨᠡᠷ ᠠ ᠳᠤ ᠨᠢᠭᠡ ᠪᠦᠯᠦᠭ ᠪᠡᠯᠭᠡ ᠶᠢᠨ ᠰᠢᠳᠦᠯᠬᠡ ᠳᠤ ᠬᠤᠯᠪᠤᠭ᠎ᠠ ᠲᠠᠢ ᠨᠡᠷ ᠠ ᠪᠠᠢ᠌ᠳᠠᠭ᠃ ᠳᠡᠷᠡ ᠨᠢ ᠰᠦᠬᠡ ᠂ ᠲᠤᠯᠤᠨᠵᠢᠩ᠂ ᠮᠠᠭᠤᠦ᠌ᠬᠢᠨ ᠬᠡᠭᠦ ᠨᠡᠷ ᠡ ᠶᠢᠨ ᠵᠡᠷᠭᠡ ᠪᠤᠯᠤᠨ᠎ᠠ᠃ 《ᠰᠦᠬᠡ 》ᠬᠡᠳᠡᠭ ᠨᠡᠷ ᠠ ᠪᠤᠯ ᠡᠷᠡᠭᠳᠡᠢ ᠬᠦᠮᠦᠨ ᠦ ᠪᠡᠯᠭᠡ ᠶᠢᠨ ᠡᠷᠭᠡᠳᠡᠨ ᠦ ᠲᠦᠯᠦᠭᠡᠯᠡᠯ ᠪᠤᠯᠤᠭᠰᠠᠨ ᠰᠦᠬᠡ ᠪᠡᠷ ᠬᠡᠦᠬᠡᠳ ᠤᠨ  ᠶᠢᠨᠨ ᠠᠮᠢ ᠭᠤᠤᠯ ᠢ ᠪᠠᠳᠤᠯᠠᠵᠤ ᠬᠠᠮᠠᠭᠠᠯᠠᠬᠤ ᠬᠡᠰᠡᠨ ᠤᠴᠢᠷ ᠶᠤᠮ᠂ 《ᠲᠤᠯᠤᠨᠵᠢᠩ》ᠮᠡᠳᠦ ᠶᠢᠨ ᠵᠢᠩ ᠤᠨ ᠲᠤᠭ᠎ᠠ ᠪᠡᠷ ᠨᠡᠷᠡᠯᠡᠭᠰᠡᠨ ᠨᠡᠷ ᠡ ᠪᠤᠯ ᠬᠡᠦᠬᠡᠳ ᠶᠢᠨᠨ ᠲᠦᠷᠦᠭᠰᠡᠨ ᠳᠠᠷᠤᠢ ᠵᠢᠩᠯᠡᠵᠦ᠂ ᠡᠷ ᠡ ᠪᠡᠯᠭᠡ ᠶᠢᠨ ᠪᠡᠯᠬᠡᠳᠡᠯ ᠪᠤᠯᠤᠭᠰᠠᠨ ᠵᠢᠩᠯᠡᠭᠦᠷ ᠤᠨ ᠲᠠᠳᠬᠠᠢ ᠪᠠᠷ ᠬᠡᠦᠬᠡᠳ ᠤᠨ  ᠶᠢᠨᠨ ᠠᠮᠢ ᠨᠠᠰᠤ ᠶᠢ ᠪᠦᠬᠡᠯᠡᠵᠦ ᠰᠠᠬᠢᠭᠤᠯᠬᠤ ᠬᠡᠰᠡᠨ ᠶᠤᠰᠤ ᠶᠤᠮ᠃ ᠡᠷᠡᠭᠳᠡᠢ ᠬᠦᠮᠦᠨ ᠦ 《ᠮᠠᠭᠤᠦ᠌ᠬᠢᠨ》 ᠬᠡᠳᠡᠭ ᠨᠡᠷ ᠠ ᠪᠤᠯ ᠡᠷ ᠡ ᠪᠡᠯᠬᠡᠳᠦ ᠮᠠᠬᠠᠪᠤᠳ ᠪᠡᠶ ᠡ ᠬᠢᠭᠡᠳ ᠡᠮ ᠡ ᠪᠡᠯᠬᠡᠳᠦ ᠨᠡᠷᠡᠢ᠌ᠳᠦᠯ ᠬᠤᠶᠠᠷ ᠤᠨ ᠨᠢᠭᠡᠳᠦᠯ ᠶᠢᠨᠷ ᠬᠡᠦᠬᠡᠳ ᠤᠨ  ᠶᠢᠨᠨ ᠠᠮᠢ ᠰᠦᠨᠡᠰᠦ ᠶᠢ ᠪᠡᠬᠢᠯᠡᠵᠦ ᠲᠤᠭᠳᠠᠭᠠᠬᠤ ᠬᠡᠰᠡᠨ ᠤᠬᠠᠭᠠᠨ ᠶᠤᠮ᠃ ᠡᠳᠡᠭᠡᠷ ᠨᠡᠷ ᠠ ᠪᠤᠯ ᠪᠦᠷ ᠯᠠ ᠪᠡᠯᠬᠡ ᠶᠢᠨ ᠰᠢᠳᠦᠯᠭᠡ ᠶᠢᠨ ᠰᠢᠳᠦᠭᠡᠨ ᠦ ᠷᠠᠳᠢ ᠰᠢᠲᠢ ᠪᠡᠷ ᠬᠡᠦᠬᠡᠳ ᠤᠨ  ᠶᠢᠨᠨ ᠠᠮᠢ ᠭᠤᠤᠯ ᠢ ᠲᠤᠭᠳᠠᠭᠠᠵᠤ ᠬᠠᠮᠠᠭᠠᠯᠠᠬᠤ ᠬᠡᠰᠡᠨ ᠰᠢᠳᠦᠯᠭᠡ ᠪᠢᠰᠢᠷᠡᠯ ᠤᠨ ᠵᠤᠷᠢᠭᠤᠯᠤᠯᠲᠠ ᠲᠠᠢ ᠬᠦᠮᠦᠨ ᠦ ᠨᠡᠷ ᠠ ᠪᠠᠢ᠌ᠵᠠᠢ᠃
Original Literature View Original Paper
出自 内蒙古大学学报 2005年 第5期

联系我们


内蒙古大学图书馆
呼和浩特市大学西路235号
中国·内蒙古
P: (0471) 4992561
E: huangfeilong@imu.edu.cn