Title |
ᠦᠯᠢᠭᠡᠷᠲᠦ ᠳᠠᠭᠤᠤ《ᠭᠠᠲᠠ ᠮᠠᠢ᠌ᠷᠠᠨ》 ᠤ ᠳᠣᠲᠤᠷᠠᠬᠢ ᠵᠦᠷᠢᠶᠡᠨ ᠲᠡᠢ ᠬᠡᠳᠦᠨ ᠬᠡᠷᠡᠭ ᠤᠴᠢᠷ ᠤᠨ ᠲᠤᠬᠠᠢ |
Creator |
ᠬᠢᠩᠭ᠋ᠠᠨ |
Keyword |
ᠦᠯᠢᠭᠡᠷᠲᠦ ᠳᠠᠭᠤᠤ《ᠭᠠᠲᠠ ᠮᠠᠢ᠌ᠷᠠᠨ》; ᠬᠣᠪᠢᠯᠪᠤᠷᠢ; ᠵᠦᠷᠢᠶ᠎ᠡ |
Abstract |
ᠦᠯᠢᠭᠡᠷᠲᠦ ᠳᠠᠭᠤᠤ《ᠭᠠᠲᠠ ᠮᠠᠢ᠌ᠷᠠᠨ》 ᠢ ᠴᠣᠭᠯᠠᠭᠤᠯᠵᠤ ᠡᠮᠬᠢᠳᠭᠡᠬᠦ ᠠᠵᠢᠯ 20 ᠳ᠋ᠤᠭᠠᠷ ᠵᠠᠭᠤᠨ ᠤ ᠳᠦᠴᠢᠭᠡᠳ ᠣᠨ ᠤ ᠰᠡᠭᠦᠯᠴᠢ ᠡᠴᠡ ᠡᠬᠢᠯᠡᠵᠦ ᠣᠳᠤᠬᠠᠨ ᠳᠤ ᠪᠣᠯᠲᠠᠯ᠎ᠠ ᠵᠢᠷᠠᠭᠠᠳ ᠵᠢᠯ ᠤᠨ ᠨᠢᠭᠤᠷ ᠢ ᠦᠵᠡᠵᠦ ᠪᠣᠢ᠃ ᠡᠨᠡ ᠬᠣᠭᠣᠷᠣᠨᠳᠣ ᠨᠡᠢ᠌ᠲᠡᠯᠡᠭᠳᠡᠭᠰᠡᠨ ᠪᠡ ᠡᠰᠡ ᠨᠡᠢ᠌ᠲᠡᠯᠡᠭᠳᠡᠭᠰᠡᠨ ᠡᠬᠡ ᠬᠣᠷᠢᠭᠠᠳ ᠣᠯᠳᠠᠭᠠᠳ ᠪᠣᠢ᠃ ᠡᠳᠡᠭᠡᠷ ᠣᠯᠠᠨ ᠬᠣᠪᠢᠯᠪᠤᠷᠢ ᠨᠤᠭᠤᠳ ᠢ ᠬᠣᠭᠣᠷᠣᠨᠳᠣ ᠨᠢ ᠬᠠᠷᠢᠴᠠᠭᠤᠯᠤᠨ ᠦᠵᠡᠬᠦ ᠳᠥ ᠭᠣᠣᠯ ᠰᠡᠳᠦᠪ᠂ ᠭᠣᠣᠯ ᠪᠠᠭᠠᠲᠤᠷ᠂ ᠭᠣᠣᠯ ᠦᠢᠯᠡ ᠶᠠᠪᠤᠳᠠᠯ᠂ ᠭᠣᠣᠯ ᠦᠵᠡᠯ ᠰᠠᠨᠠᠭ᠎ᠠ ᠳᠡᠭᠡᠷ᠎ᠡ ᠪᠡᠨ ᠦᠨᠳᠦᠰᠦᠨ ᠳᠥ ᠪᠡᠨ ᠪᠦᠷ ᠨᠢᠭᠡᠳᠴᠦ ᠪᠠᠢ᠌ᠳᠠᠭ᠃ ᠭᠡᠳᠡᠯ᠎ᠡ ᠨᠠᠷᠢᠨ ᠠᠵᠢᠭᠯᠠᠪᠠᠯ ᠡᠳᠡᠭᠡᠷ ᠣᠯᠠᠨ ᠬᠣᠪᠢᠯᠪᠤᠷᠢ ᠨᠤᠭᠤᠳ ᠨᠢ ᠪᠠᠰᠠ ᠬᠣᠪᠢ ᠲᠤᠰ ᠤᠨ ᠦᠪᠡᠷᠮᠢᠴᠡ ᠣᠨᠴᠠᠯᠢᠭ ᠰᠢᠨᠵᠢ ᠲᠠᠢ ᠪᠦᠭᠡᠳ ᠨᠪᠠᠷᠢᠨ ᠢᠯᠭᠠᠭ᠎ᠠ ᠵᠦᠷᠢᠶ᠎ᠡ ᠴᠣ ᠣᠷᠤᠰᠢᠵᠤ ᠪᠠᠢ᠌ᠳᠠᠭ᠃ ᠲᠤᠰ ᠦᠭᠦᠯᠡᠯ ᠳᠥ᠂ ᠡᠯ᠎ᠡ ᠵᠦᠢᠯ ᠦᠨ ᠬᠣᠪᠢᠯᠪᠤᠷᠢ ᠳᠣᠲᠤᠷ᠎ᠠ ᠣᠨᠴᠠᠯᠠᠨ ᠢᠯᠡᠷᠡᠵᠦ ᠪᠠᠢ᠌ᠭ᠎ᠠ ᠬᠡᠳᠦᠨ ᠵᠦᠢᠯ ᠦᠨ ᠵᠦᠷᠢᠶᠡᠨ ᠲᠠᠢ ᠠᠰᠠᠭᠤᠳᠠᠯ ᠢ ᠲᠣᠳᠤᠷᠬᠠᠢ᠌ᠯᠠᠬᠤ ᠪᠠᠷ ᠵᠣᠷᠢᠵᠠᠢ᠃ |
Original Literature |
View Original Paper
|
出自 |
内蒙古民族大学学报(社会科学)
2008年
第3期
|