Paper Information


Title ᠮᠣᠩᠭᠤᠯ ᠠᠷᠠᠳ ᠤᠨ ᠳᠠᠭ᠋ᠠᠪᠤᠷᠢ
Creator ᠬᠦᠭᠵᠢᠬᠦ
Keyword
Abstract ᠮᠣᠩᠭᠤᠯᠴᠤᠳ ᠠᠮᠠᠨ ᠵᠤᠬᠢᠶᠠᠯ ᠤᠨ ᠪᠠᠶᠠᠯᠢᠭ ᠦᠪ ᠲᠡᠢ᠂ ᠭᠡᠬᠦ ᠳᠡᠭᠡᠨ ᠣᠨ᠋ᠢᠰᠤᠭ᠎ᠠ ᠳᠠᠭ᠋ᠠᠪᠤᠷᠢ ᠪᠤᠯ ᠡᠨ᠋ᠡᠬᠦ ᠪᠠᠶᠠᠯᠢᠭ ᠦᠪ ᠦᠨ ᠳᠤᠲᠤᠷᠠᠬᠢ ᠦᠪᠡᠷᠮᠢᠴᠡ ᠣᠨᠴᠠᠯᠢᠭ ᠲᠠᠢ ᠲᠦᠷᠦᠯ ᠵᠤᠢᠯ ᠪᠤᠯᠤᠨ᠎ᠠ᠃ ᠮᠣᠩᠭᠤᠯ ᠠᠷᠠᠳ ᠤᠨ ᠠᠮᠠᠨ ᠵᠤᠬᠢᠶᠠᠯ ᠳᠤ ᠵᠤᠢᠷ ᠦᠭᠡ᠂ ᠰᠡᠴᠡᠨ ᠦᠭᠡ᠂ ᠰᠤᠷᠭ᠋ᠠᠯ ᠦᠭᠡ᠂ ᠶᠤᠵᠤ ᠦᠭᠡ ᠶᠢ ᠬᠤᠷᠢᠶᠠᠩᠭ᠋ᠤᠢᠯᠠᠨ ᠵᠤᠢᠷ ᠰᠡᠴᠡᠨ ᠦᠭᠡ ᠭᠡᠵᠦ ᠨᠡᠷᠡᠯᠡᠨ ᠶᠠᠷᠢᠳᠠᠭ ᠤᠨ ᠠᠳᠠᠯᠢ᠂ ᠬᠡᠦᠬᠡᠳ ᠦᠨ ᠤᠶᠤᠨ ᠤᠬᠠᠭ᠋ᠠᠨ ᠢ ᠰᠡᠷᠭᠦᠭᠡᠨ ᠬᠦᠭᠵᠢᠭᠦᠯᠬᠦ᠂ ᠶᠡᠷᠦᠨ᠋ᠢ ᠬᠦᠮᠦᠨ ᠦ ᠬᠦᠮᠦᠵᠢᠯ ᠳᠦ ᠲᠠᠨ᠋ᠢᠨ ᠮᠡᠳᠡᠬᠦ᠂ ᠪᠤᠳᠤᠵᠤ ᠰᠡᠳᠬᠢᠬᠦ ᠴᠢᠳᠠᠪᠤᠷᠢ ᠶᠢ ᠳᠡᠭᠡᠭᠰᠢᠯᠡᠭᠦᠯᠬᠦ ᠳᠦ ᠵᠤᠷᠢᠭ᠋ᠤᠯᠵᠤ ᠵᠤᠬᠢᠶᠠᠭᠳᠠᠭᠰᠠᠨ ᠣᠨ᠋ᠢᠰᠤᠭ᠎ᠠ ᠳᠠᠭ᠋ᠠᠪᠤᠷᠢ ᠪᠤᠯ ᠦᠨ᠋ᠡᠨᠳᠡᠭᠡᠨ ᠨᠢᠭᠡ ᠡᠭᠦᠷᠭᠡ ᠭᠦᠢᠴᠡᠳᠭᠡᠳᠡᠭ ᠠᠳᠠᠯᠢ ᠦᠭᠡᠢ ᠬᠤᠶᠠᠷ ᠦᠭᠡᠷ᠎ᠡ ᠵᠤᠢᠯ ᠶᠤᠮ᠃ ᠲᠤᠰ ᠦᠭᠦᠯᠡᠯ ᠳᠦ ᠦᠭᠦᠯᠡᠭᠴᠢ ᠶᠢᠨ ᠦᠵᠡᠯᠲᠡ ᠪᠡᠨ (1) ᠮᠣᠩᠭᠤᠯ ᠠᠷᠠᠳ ᠤᠨ ᠳᠠᠭ᠋ᠠᠪᠤᠷᠢ ᠶᠢ ᠡᠮᠬᠢᠳᠭᠡᠵᠦ ᠰᠤᠳᠤᠯᠤᠭᠰᠠᠨ ᠲᠤᠬᠠᠢ; (2) ᠮᠣᠩᠭᠤᠯ ᠠᠷᠠᠳ ᠤᠨ ᠳᠠᠭ᠋ᠠᠪᠤᠷᠢ ᠶᠢᠨ ᠤᠬᠠᠭᠳᠠᠬᠤᠨ ᠲᠤᠮᠢᠶᠠᠨ ᠤ ᠲᠤᠬᠠᠢ; (3) ᠮᠣᠩᠭᠤᠯ ᠠᠷᠠᠳ ᠤᠨ ᠳᠠᠭ᠋ᠠᠪᠤᠷᠢ ᠶᠢᠨ ᠭᠠᠷᠤᠯ ᠡᠭᠦᠰᠦᠯ ᠦᠨ ᠲᠤᠬᠠᠢ; (4) ᠮᠣᠩᠭᠤᠯ ᠠᠷᠠᠳ ᠤᠨ ᠳᠠᠭ᠋ᠠᠪᠤᠷᠢ ᠶᠢᠨ ᠠᠭ᠋ᠤᠯᠭ᠎ᠠ ᠵᠢᠴᠢ ᠲᠡᠭᠦᠨ ᠦ ᠣᠨᠴᠠᠯᠢᠭ ᠰᠢᠨᠵᠢ; (5) ᠳᠠᠭ᠋ᠠᠪᠤᠷᠢ ᠶᠢᠨ ᠨᠡᠢᠭᠡᠮ ᠦᠨ ᠦᠢᠯᠡᠳᠦᠯ ᠭᠡᠬᠦᠴᠢᠯᠡᠨ ᠰᠢᠰᠲ᠋ᠧᠮᠴᠢᠯᠡᠨ ᠦᠭᠦᠯᠡᠪᠡ᠃
Original Literature No Original Paper
出自 内蒙古民族大学学报(社会科学) 1993年 第4期

联系我们


内蒙古大学图书馆
呼和浩特市大学西路235号
中国·内蒙古
P: (0471) 4992561
E: huangfeilong@imu.edu.cn