Title |
ᠮᠣᠩᠭᠤᠯ ᠠᠷᠠᠳ ᠤᠨ ᠳᠠᠭ᠋᠋ᠠᠪᠤᠷᠢ |
Creator |
ᠬᠦᠭᠵᠢᠬᠦ |
Keyword |
ᠮᠣᠩᠭᠤᠯ ᠠᠷᠠᠳ ᠤᠨ ᠳᠠᠭ᠋᠋ᠠᠪᠤᠷᠢ |
Abstract |
ᠮᠣᠩᠭᠤᠯᠴᠤᠳ ᠠᠮᠠᠨ ᠵᠤᠬᠢᠶᠠᠯ ᠤᠨ ᠪᠠᠶᠠᠯᠢᠭ ᠦᠪ ᠲᠡᠢ᠂ ᠭᠡᠬᠦ ᠳᠡᠭᠡᠨ ᠣᠨ᠋ᠢᠰᠤᠭᠠ ᠳᠠᠭ᠋ᠠᠪᠤᠷᠢ ᠪᠤᠯ ᠡᠨ᠋ᠡᠬᠦ ᠪᠠᠶᠠᠯᠢᠭ ᠦᠪ ᠦᠨ ᠳᠤᠲᠤᠷᠠᠬᠢ ᠦᠪᠡᠷᠮᠢᠴᠡ ᠣᠨᠴᠠᠯᠢᠭ ᠲᠠᠢ ᠲᠦᠷᠦᠯ ᠵᠤᠢᠯ ᠪᠤᠯᠤᠨ᠎ᠠ᠃ ᠮᠣᠩᠭᠤᠯ ᠠᠷᠠᠳ ᠤᠨ ᠠᠮᠠᠨ ᠵᠤᠬᠢᠶᠠᠯ ᠳᠤ ᠵᠤᠢᠷ ᠦᠭᠡ᠂ ᠰᠡᠴᠡᠨ ᠦᠭᠡ᠂ ᠰᠤᠷᠭ᠋ᠠᠯ ᠦᠭᠡ᠂ ᠶᠤᠵᠤ ᠦᠭᠡ ᠶᠢ ᠬᠤᠷᠢᠶᠠᠩᠭ᠋ᠤᠢᠯᠠᠨ ᠵᠤᠢᠷ ᠰᠡᠴᠡᠨ ᠦᠭᠡ ᠭᠡᠵᠦ ᠨᠡᠷᠡᠯᠡᠨ ᠶᠠᠷᠢᠳᠠᠭ ᠤᠨ ᠠᠳᠠᠯᠢ᠂ ᠬᠡᠦᠬᠡᠳ ᠦᠨ ᠤᠶᠤᠨ ᠤᠬᠠᠭ᠋ᠠᠨ ᠢ ᠰᠡᠷᠭᠦᠭᠡᠨ ᠬᠦᠭᠵᠢᠭᠦᠯᠬᠦ᠂ ᠶᠡᠷᠦᠨ᠋ᠢ ᠬᠦᠮᠦᠨ ᠦ ᠬᠦᠮᠦᠵᠢᠯ ᠳᠦ ᠲᠠᠨ᠋ᠢᠨ ᠮᠡᠳᠡᠬᠦ᠂ ᠪᠤᠳᠤᠵᠤ ᠰᠡᠳᠬᠢᠬᠦ ᠴᠢᠳᠠᠪᠤᠷᠢ ᠶᠢ ᠳᠡᠭᠡᠭᠰᠢᠯᠡᠭᠦᠯᠬᠦ ᠳᠦ ᠵᠤᠷᠢᠭ᠋ᠤᠯᠵᠤ ᠵᠤᠬᠢᠶᠠᠭᠳᠠᠭᠰᠠᠨ ᠣᠨ᠋ᠢᠰᠤᠭᠠ ᠳᠠᠭ᠋ᠠᠪᠤᠷᠢ ᠪᠤᠯ ᠦᠨ᠋ᠡᠨᠳᠡᠭᠡᠨ ᠨᠢᠭᠡ ᠡᠭᠦᠷᠭᠡ ᠭᠦᠢᠴᠡᠳᠭᠡᠳᠡᠭ ᠠᠳᠠᠯᠢ ᠦᠭᠡᠢ ᠬᠤᠶᠠᠷ ᠦᠭᠡᠷ᠎ᠡ ᠵᠤᠢᠯ ᠶᠤᠮ᠃ ᠲᠤᠰ ᠦᠭᠦᠯᠡᠯ ᠳᠦ ᠦᠭᠦᠯᠡᠭᠴᠢ ᠶᠢᠨ ᠦᠵᠡᠯᠲᠡ ᠪᠡᠨ (1) ᠮᠣᠩᠭᠤᠯ ᠠᠷᠠᠳ ᠤᠨ ᠳᠠᠭ᠋ᠠᠪᠤᠷᠢ ᠶᠢ ᠡᠮᠬᠢᠳᠭᠡᠵᠦ ᠰᠤᠳᠤᠯᠤᠭᠰᠠᠨ ᠲᠤᠬᠠᠢ; (2) ᠮᠣᠩᠭᠤᠯ ᠠᠷᠠᠳ ᠤᠨ ᠳᠠᠭ᠋ᠠᠪᠤᠷᠢ ᠶᠢᠨ ᠤᠬᠠᠭᠳᠠᠬᠤᠨ ᠲᠤᠮᠢᠶᠠᠨ ᠤ ᠲᠤᠬᠠᠢ; (3) ᠮᠣᠩᠭᠤᠯ ᠠᠷᠠᠳ ᠤᠨ ᠳᠠᠭ᠋ᠠᠪᠤᠷᠢ ᠶᠢᠨ ᠭᠠᠷᠤᠯ ᠡᠭᠦᠰᠦᠯ ᠦᠨ ᠲᠤᠬᠠᠢ; (4) ᠮᠣᠩᠭᠤᠯ ᠠᠷᠠᠳ ᠤᠨ ᠳᠠᠭ᠋ᠠᠪᠤᠷᠢ ᠶᠢᠨ ᠠᠭ᠋ᠤᠯᠭ᠎ᠠ ᠵᠢᠴᠢ ᠲᠡᠭᠦᠨ ᠦ ᠣᠨᠴᠠᠯᠢᠭ ᠰᠢᠨᠵᠢ; (5) ᠳᠠᠭ᠋ᠠᠪᠤᠷᠢ ᠶᠢᠨ ᠨᠡᠢᠭᠡᠮ ᠦᠨ ᠦᠢᠯᠡᠳᠦᠯ ᠭᠡᠬᠦᠴᠢᠯᠡᠨ ᠰᠢᠰᠲ᠋ᠧᠮᠴᠢᠯᠡᠨ ᠦᠭᠦᠯᠡᠪᠡ᠃ |
Original Literature |
No Original Paper
|
出自 |
内蒙古民族大学学报(社会科学)
1993年
第4期
|