Title |
《ᠬᠦᠬᠡ ᠰᠤᠳᠤᠷ》 ᠤᠨ ᠲᠤᠪᠴᠢᠳᠤ ᠲᠤᠯᠳᠤ ᠳ᠋ᠡᠬᠢ ᠦᠨᠳᠦᠰᠦᠳᠡᠨ ᠤ ᠤᠬᠠᠮᠰᠠᠷ ᠤᠨ ᠲᠤᠬᠠᠢ ᠰᠢᠨᠵᠢᠯᠡᠬᠦ ᠨᠢ |
Creator |
ᠭᠦᠩ ᠵᠢᠨ ᠿᠦᠩ; ᠬᠠᠰ᠋ᠭᠤᠣᠠ |
Keyword |
《ᠬᠦᠬᠡ ᠰᠤᠳᠤᠷ》; ᠡᠭᠦᠰᠦᠯ ᠵᠤᠷᠢᠯᠭ᠎ᠠ; ᠦᠨᠳᠦᠰᠦᠳᠡᠨ ᠤ ᠤᠬᠠᠮᠰᠠᠷ |
Abstract |
ᠲᠤᠰ ᠦᠭᠦᠯᠡᠯ ᠳᠤ ᠢᠨᠵᠠᠨᠨᠠᠰᠢ ᠶᠢᠨ 《ᠬᠦᠬᠡ ᠰᠤᠳᠤᠷ》 ᠤᠨ ᠪᠢᠴᠢᠭᠳᠡᠭᠰᠡᠨ ᠡᠭᠦᠰᠦᠯ᠂ ᠵᠤᠷᠢᠯᠭ᠎ᠠ ᠵᠡᠷᠭᠡ ᠶᠢ ᠰᠢᠨᠵᠢᠯᠡᠵᠦ᠂ ᠡᠭᠦᠨ ᠤ ᠤᠯᠠᠮ ᠳᠤ《ᠬᠦᠬᠡ ᠰᠤᠳᠤᠷ》 ᠤᠨ ᠲᠤᠪᠴᠢᠳᠤ ᠲᠤᠯᠳᠤ ᠳ᠋ᠡᠬᠢ ᠦᠨᠳᠦᠰᠦᠳᠡᠨ ᠤ ᠤᠬᠠᠮᠰᠠᠷ ᠤᠨ ᠲᠤᠬᠠᠢ ᠭᠤᠷᠪᠠᠨ ᠲᠠᠯ᠎ᠠ ᠪᠡᠷ ᠦᠭᠦᠯᠡᠵᠡᠢ᠃ ᠡᠬᠢᠨ ᠤ ᠬᠡᠰᠡᠭ ᠲᠤ ᠴᠢᠩ ᠤᠨ ᠬᠠᠪᠴᠢᠯ ᠭᠠᠳᠠᠭᠤᠷᠴᠢᠯᠠᠯ ᠡᠴᠡ ᠲᠦᠷᠦᠭᠳᠡᠭᠰᠡᠨ ᠦᠨᠳᠦᠰᠦᠳᠡᠨ ᠤ ᠤᠬᠠᠮᠰᠠᠷ ᠤᠨ ᠲᠤᠬᠠᠢ ᠶᠠᠷᠢᠵᠠᠢ᠃ ᠡᠭᠦᠨ ᠳᠤ ᠮᠠᠨᠵᠤ ᠴᠢᠩ ᠤᠨ ᠨᠤᠶᠠᠷᠬᠠᠯ ᠬᠡᠴᠡᠭᠦᠳᠡᠵᠦ᠂ ᠮᠤᠩᠭᠤᠯ ᠨᠤᠳᠤᠭ ᠲᠤ ᠬᠤᠰᠢᠭᠤ ᠴᠢᠭᠤᠯᠭᠠᠨ ᠤ ᠲᠦᠷᠢᠮ ᠪᠠᠢᠭᠤᠯᠵᠤ᠂ ᠰᠢᠷ᠎ᠠ ᠶᠢᠨ ᠱᠠᠰᠢᠨ ᠢ ᠶᠡᠬᠡ ᠬᠡᠮᠵᠢᠶ᠎ᠡ ᠪᠡᠷ ᠲᠡᠯᠭᠡᠷᠡᠭᠦᠯᠵᠦ᠂ ᠮᠤᠩᠭᠤᠯᠴᠤᠳ ᠤᠨ ᠰᠦᠷ ᠬᠦᠴᠦᠨ ᠢ ᠶᠡᠬᠡ ᠬᠡᠮᠵᠢᠶ᠎ᠡ ᠪᠡᠷ ᠪᠠᠭᠤᠷᠠᠭᠤᠯᠤᠭᠰᠠᠨ ᠳᠤ ᠵᠤᠬᠢᠶᠠᠭᠴᠢ ᠡᠴᠡ ᠦᠨᠳᠦᠰᠦᠳᠡᠨ ᠶᠢᠡᠨ ᠠᠪᠤᠷᠠᠬᠤ ᠭᠡᠰᠡᠨ ᠰᠡᠳᠭᠢᠯᠭᠡ ᠪᠠᠨ ᠢᠯᠡᠷᠡᠭᠦᠯᠵᠦ᠂ 《ᠬᠦᠬᠡ ᠰᠤᠳᠤᠷ》ᠪᠢᠴᠢᠭᠳᠡᠭᠰᠡᠨ ᠭᠡᠵᠦ ᠦᠵᠡᠵᠡᠢ᠃ ᠬᠤᠶᠠᠳᠤᠭᠠᠷ ᠬᠡᠰᠡᠭ ᠲᠤ ᠮᠤᠩᠭᠤᠯᠴᠤᠳ ᠶᠢᠡᠨ ᠲᠠᠭᠤᠳᠠᠨ ᠰᠡᠷᠡᠭᠡᠬᠦ᠂ ᠤᠭ ᠢᠵᠠᠭᠤᠷ ᠶᠢᠡᠨ ᠮᠡᠳᠡᠭᠦᠯᠬᠦ ᠵᠤᠷᠢᠯᠭ᠎ᠠ ᠪᠦᠬᠦᠢ ᠦᠨᠳᠦᠰᠦᠳᠡᠨ ᠤ ᠤᠬᠠᠮᠰᠠᠷ ᠤᠨ ᠲᠤᠬᠠᠢ ᠶᠠᠷᠢᠵᠠᠢ᠃ ᠲᠤᠰ ᠬᠡᠰᠡᠭ ᠲᠤ ᠰᠢᠷ᠎ᠠ ᠶᠢᠨ ᠱᠠᠰᠢᠨ ᠤ ᠮᠤᠩᠬᠠᠷᠠᠭᠤᠯᠤᠯ ᠡᠴᠡ ᠪᠤᠯᠵᠤ ᠵᠤᠬᠢᠶᠠᠭᠴᠢ ᠡᠴᠡ ᠮᠤᠩᠭᠤᠯᠴᠤᠳ ᠤᠨ ᠪᠠᠭᠠᠳᠤᠷᠯᠢᠭ ᠦᠵᠡᠯ᠂ ᠪᠠᠶᠠᠰᠤᠩᠭᠤᠢ ᠦᠵᠡᠯ ᠶᠢᠡᠨ ᠠᠯᠳᠠᠭᠰᠠᠨ ᠪᠠᠢᠳᠠᠯ ᠳᠤ ᠰᠠᠨᠠᠭᠠᠰᠢᠷᠠᠵᠤ᠂ 《ᠬᠦᠬᠡ ᠰᠤᠳᠤᠷ》ᠪᠢᠴᠢᠭᠳᠡᠭᠰᠡᠨ ᠭᠡᠵᠦ ᠦᠵᠡᠵᠡᠢ᠃ ᠰᠡᠭᠦᠯᠴᠡᠢ ᠶᠢᠨ ᠬᠡᠰᠡᠭ ᠲᠤ ᠢᠯᠵᠢᠷᠡᠮᠡᠯ ᠪᠠᠶᠠᠳ ᠨᠤᠶᠠᠳ ᠢ ᠰᠢᠭᠦᠮᠵᠢᠯᠡᠨ᠂ ᠦᠨᠳᠦᠰᠦᠳᠡᠨ ᠤ ᠵᠤᠷᠢᠭ ᠰᠠᠨᠠᠭ᠎ᠠ ᠶᠢ ᠲᠠᠭᠤᠳᠠᠨ ᠰᠡᠷᠭᠦᠭᠡᠬᠦ ᠵᠤᠷᠢᠯᠭ᠎ᠠ ᠪᠦᠬᠦᠢ ᠦᠨᠳᠦᠰᠦᠳᠡᠨ ᠤ ᠤᠬᠠᠮᠰᠠᠷ ᠤᠨ ᠲᠤᠬᠠᠢ ᠦᠭᠦᠯᠡᠵᠡᠢ᠃ |
Original Literature |
View Original Paper
|
出自 |
赤峰学院学报(蒙文哲学社会科学版)
2017年
第2期
|