Paper Information


Title ᠮᠣᠩ᠋ᠭᠤᠯ ᠪᠢᠴᠢᠭ᠌ ᠦᠨ ᠺᠤᠳ᠋ (CODE)᠋ ᠤᠨ ᠲᠤᠬᠠᠢ (ᠦᠭᠦᠯᠡᠯ ᠦᠨ ᠲᠤᠪᠴᠢᠯᠠᠯ)᠎
Creator ᠴᠤᠢ᠌ᠵᠤᠩᠵᠠᠪ; ᠨᠠᠰᠤᠬᠤᠷᠲᠤ
Keyword
Abstract ᠲᠤᠰ ᠦᠭᠦᠯᠡᠯ ᠳᠦ ᠨᠠᠶᠠᠭᠠᠳ ᠣᠨ ᠤ ᠡᠬᠢ ᠪᠡᠷ ᠡᠬᠢᠯᠡᠭᠰᠡᠨ ᠮᠣᠩ᠋ᠭᠤᠯ ᠬᠡᠯᠡᠨ ᠦ ᠰᠤᠷᠠᠭ ᠵᠠᠩᠭᠢ ᠰᠢᠢᠳᠪᠦᠷᠢᠯᠡᠬᠦ ᠠᠵᠢᠯ᠂ ᠢᠯᠠᠩ᠋ᠭᠤᠶ᠎ᠠ ᠮᠣᠩ᠋ᠭᠤᠯ ᠪᠢᠴᠢᠭ᠌ ᠦᠨ ᠺᠤᠳ᠋ ᠢ ᠵᠤᠬᠢᠶᠠᠬᠤ ᠠᠵᠢᠯ ᠢ ᠪᠦᠪᠦ ᠲᠠᠯ᠎ᠠ ᠪᠠᠷ ᠬᠤᠷᠢᠶᠠᠩ᠋ᠭᠤᠢ᠌ᠯᠠᠨ ᠳ᠋ᠦᠩᠨᠡᠵᠦ᠂ ᠮᠣᠩ᠋ᠭᠤᠯ ᠦᠰᠦᠭ ᠪᠢᠴᠢᠭ᠌ ᠦᠨ ᠰᠢᠨᠵᠢ ᠴᠢᠨᠠᠷ᠂ ᠰᠤᠳᠤᠯᠤᠯᠭᠠᠨ ᠤ ᠲᠡᠦᠬᠡ ᠶᠢ ᠡᠷᠭᠢᠴᠡᠭᠦᠯᠦᠨ ᠰᠢᠨᠵᠢᠯᠡᠵᠦ᠂ ᠮᠣᠩ᠋ᠭᠤᠯ ᠪᠢᠴᠢᠭ᠌ ᠦᠨ ᠺᠤᠳ᠋ ᠢ ᠵᠤᠬᠢᠶᠠᠬᠤ ᠳᠤ ᠲᠤᠳᠤᠷᠬᠠᠢ᠌ᠯᠠᠪᠠᠯ ᠵᠤᠬᠢᠬᠤ ᠤᠬᠠᠭᠳᠠᠬᠤᠨ ᠢ ᠲᠤᠳᠤᠷᠠᠭᠤᠯᠤᠨ᠂ ᠪᠤᠳᠤᠯᠬᠢᠯᠠᠬᠤ ᠴᠢᠬᠤᠯᠠᠲᠠᠢ ᠠᠰᠠᠭᠤᠳᠠᠯ᠂ ᠬᠠᠩ᠋ᠭᠠᠬᠤ ᠴᠢᠬᠤᠯᠠᠲᠠᠢ ᠬᠡᠷᠡᠭᠴᠡᠭᠡ᠂ ᠪᠳᠠᠷᠠᠭᠤᠯᠪᠠᠯ ᠵᠤᠬᠢᠬᠤ ᠴᠢᠳᠠᠪᠤᠷᠢ ᠶᠢ ᠲᠤᠳᠤᠷᠠᠳᠤᠭᠰᠠᠨ ᠪᠠᠢ᠌ᠨ᠎ᠠ᠃ ᠦᠭᠦᠯᠡᠯ ᠳᠦ ᠤᠯᠤᠰ ᠤᠨ ᠳᠤᠲᠤᠭᠠᠳᠤ ᠭᠠᠳᠠᠭᠠᠳᠤ ᠶᠢᠨ ᠲᠦᠯᠦᠭᠡᠯᠡᠬᠦ ᠴᠢᠨᠠᠷ ᠲᠠᠢ ᠬᠡᠳᠦᠨ ᠮᠣᠩ᠋ᠭᠤᠯ ᠪᠢᠴᠢᠭ᠌ ᠦᠨ ᠺᠤᠳ᠋ ᠢ ᠵᠠᠳᠠᠯᠤᠨ ᠰᠢᠨᠵᠢᠯᠡᠵᠦ᠂ ᠲᠡᠳᠡᠭᠡᠷ ᠦᠨ ᠣᠯᠣᠯᠲᠠ ᠠᠯᠳᠠᠰᠢ ᠶᠢ ᠲᠤᠩ᠋ᠭᠠᠨ ᠲᠤᠳᠤᠯᠠᠬᠤ ᠶᠢ ᠬᠢᠴᠢᠶᠡᠵᠡᠢ᠃ ᠮᠣᠩ᠋ᠭᠤᠯ ᠪᠢᠴᠢᠭ᠌ ᠦᠨ ᠺᠤᠳ᠋ ᠢ ᠪᠤᠯᠪᠠᠰᠤᠷᠠᠭᠤᠯᠬᠤ ᠠᠵᠢᠯ ᠳᠤ ᠣᠷᠤᠰᠢᠵᠤ ᠪᠠᠢ᠌ᠭ᠎ᠠ ᠮᠠᠷᠭᠤᠭᠠᠨ ᠲᠠᠢ ᠠᠰᠠᠭᠤᠳᠠᠯ ᠳᠤ ᠴᠢᠭᠯᠡᠭᠦᠯᠦᠨ ᠰᠢᠨᠵᠢᠯᠡᠯᠭᠡ ᠵᠦᠪᠯᠡᠯᠭᠡ ᠬᠢᠵᠦ᠂ ᠮᠣᠩ᠋ᠭᠤᠯ᠂ ᠲᠤᠳᠤ᠂ ᠰᠢᠪᠡᠭᠡ᠂ ᠮᠠᠨᠵᠤ ᠳᠦᠷᠪᠡᠨ ᠵᠤᠢ᠌ᠯ ᠤᠨ ᠦᠰᠦᠭ ᠦᠨ ᠨᠢᠭᠡᠲᠦᠯᠲᠡᠢ ᠺᠤᠳ᠋ ᠦᠨ ᠲᠦᠰᠦᠪ ᠢ ᠳᠤᠷᠠᠳᠴᠠᠢ᠃
Original Literature No Original Paper
出自 内蒙古大学学报 1994年 第3期

联系我们


内蒙古大学图书馆
呼和浩特市大学西路235号
中国·内蒙古
P: (0471) 4992561
E: huangfeilong@imu.edu.cn