Paper Information


Title ᠵᠠᠭᠠᠨ ᠤ ᠦᠯᠢᠭᠡᠷ ᠬᠢᠭᠡᠳ ᠮᠣᠩ᠋ᠭᠤᠯ ᠰᠤᠶᠤᠯ ᠳᠠᠬᠢ ᠵᠠᠭᠠᠨ
Creator ᠬᠠᠰᠪᠠᠭᠠᠲᠤᠷ
Keyword
Abstract ᠲᠤᠰ ᠦᠭᠦᠯᠡᠯ ᠳᠦ ᠂ ᠮᠠᠨ ᠤ ᠤᠯᠤᠰ ᠤᠨ ᠤᠮᠠᠷᠠᠲᠤ ᠣᠷᠤᠨ ᠳᠤ ᠬᠤᠶᠠᠷ ᠵᠠᠭᠤᠨ ᠲᠦᠮᠡᠨ ᠵᠢᠯ ᠦᠨ ᠡᠮᠦᠨ᠎ᠡ ᠵᠠᠭᠠᠨ ᠪᠠᠢ᠌ᠭᠰᠠᠨ ᠪᠤᠯᠪᠠᠴᠤ ᠬᠦᠮᠦᠨ ᠲᠦᠷᠦᠯᠬᠢᠲᠡᠨ ᠪᠤᠢ ᠪᠤᠯᠬᠤ ᠦᠶ᠎ᠡ ᠳᠦ ᠵᠠᠭᠠᠨ ᠨᠢᠭᠡᠨᠲᠡ ᠣᠷᠤᠰᠢᠨ ᠲᠤᠭᠲᠠᠨᠢᠯ ᠢᠶᠠᠨ ᠠᠯᠳᠠᠭᠰᠠᠨ ᠪᠤᠶᠤ ᠠᠯᠳᠠᠵᠤ ᠪᠠᠢ᠌ᠭ᠎ᠠ ᠡᠷᠢᠨ ᠳᠡᠬᠡᠨ ᠰᠢᠯᠵᠢᠪᠡ᠃ ᠣᠨᠴᠤᠭᠤᠢ᠌ᠯᠠᠨ ᠮᠣᠩ᠋ᠭᠤᠯ ᠪᠠ ᠲᠠᠲ᠋ᠠᠷ ᠭᠡᠬᠦ ᠦᠨᠳᠦᠰᠦ ᠤᠭᠰᠠᠭ᠎ᠠ ᠲᠡᠦᠬᠡ ᠰᠤᠳᠤᠷ ᠲᠤ ᠡᠬᠢᠯᠡᠨ ᠲᠡᠮᠳᠡᠭᠯᠡᠬᠦ ᠦᠶ᠎ᠡ ᠳᠦ ᠵᠠᠭᠠᠨ ᠮᠣᠩ᠋ᠭᠤᠯ ᠣᠷᠤᠨ ᠳᠤ ᠣᠷᠤᠰᠢᠵᠤ ᠪᠠᠢ᠌ᠭᠰᠠᠨ ᠦᠭᠡᠢ ᠭᠡᠬᠦ ᠦᠵᠡᠯᠲᠡ ᠶᠢ ᠳᠡᠪᠰᠢᠭᠦᠯᠪᠡ᠃ ᠮᠣᠩ᠋ᠭᠤᠯᠴᠤᠳ ᠤᠨ ᠵᠠᠭᠠᠨ ᠲᠠᠢ ᠲᠠᠨᠢᠯ ᠳᠠᠰᠤᠯ ᠪᠤᠯᠤᠭᠰᠠᠨ ᠶᠠᠪᠤᠴᠠ ᠶᠢ ᠵᠠᠰᠠᠭ ᠲᠦᠷᠦ ᠶᠢᠨ ᠬᠡᠷᠡᠭᠴᠡᠭᠡ᠂ ᠠᠷᠠᠯᠵᠢᠶ᠎ᠠ ᠬᠤᠳᠠᠯᠳᠤᠭ᠎ᠠ᠂ ᠳᠠᠢ᠌ᠨ ᠪᠠᠢ᠌ᠯᠳᠤᠭᠠᠨ᠂ ᠱᠠᠰᠢᠨ ᠤ ᠤᠬᠠᠭᠤᠯᠤᠯ᠂ ᠪᠧᠡᠰᠠᠨ ᠤ ᠦᠯᠢᠭᠡᠷ ᠵᠡᠷᠭᠡ ᠲᠠᠪᠤᠨ ᠲᠠᠯ᠎ᠠ ᠶᠢᠨ ᠨᠦᠬᠦᠴᠡᠯ ᠰᠢᠯᠲᠠᠭᠠᠨ ᠠᠴᠠ ᠪᠤᠯᠤᠯ᠎ᠠ ᠭᠡᠵᠦ ᠨᠤᠲᠠᠯᠠᠪᠠ᠃ ᠮᠣᠩ᠋ᠭᠤᠯᠴᠤᠳ ᠤᠨ ᠳᠤᠮᠳᠠ ᠳᠡᠯᠭᠡᠷᠡᠭᠰᠡᠨ ᠴᠦᠬᠡᠨ ᠪᠤᠰᠤ ᠵᠠᠭᠠᠨ ᠤ ᠦᠯᠢᠭᠡᠷ ᠨᠢ ᠡᠨᠡᠳᠬᠡᠭ᠌ ᠦᠨ ᠵᠠᠭᠠᠨ ᠤ ᠦᠯᠢᠭᠡᠷ ᠲᠡᠢ ᠣᠢ᠌ᠷᠠᠯᠴᠠᠭ᠎ᠠ ᠪᠤᠶᠤ ᠲᠡᠭᠦᠨ ᠡᠴᠡ ᠢᠷᠡᠯᠲᠡᠢ ᠪᠦᠭᠡᠳ ᠮᠣᠩ᠋ᠭᠤᠯ ᠰᠤᠶᠤᠯ ᠢ ᠣᠯᠠᠨ ᠲᠠᠯ᠎ᠠ ᠪᠠᠷ ᠨᠦᠯᠦᠭᠡᠯᠡᠭᠰᠡᠨ ᠢ ᠪᠤᠲᠠᠲᠠᠢ ᠪᠠᠷᠢᠮᠲᠠ ᠲᠠᠢ ᠪᠠᠷ ᠨᠠᠷᠢᠨ ᠲᠠᠨᠢᠯᠴᠠᠭᠤᠯᠬᠤ ᠶᠢ ᠴᠢᠷᠮᠠᠢ᠌ᠪᠠ᠃
Original Literature No Original Paper
出自 内蒙古大学学报 1998年 第1期

联系我们


内蒙古大学图书馆
呼和浩特市大学西路235号
中国·内蒙古
P: (0471) 4992561
E: huangfeilong@imu.edu.cn