Paper Information


Title ᠬᠣᠷᠴᠢᠨ ᠠᠮᠠᠨ ᠠᠶᠠᠯᠭ᠋ᠤᠨ ᠤ ᠬᠤᠪᠢᠷᠠᠯ — 《ᠬᠣᠷᠴᠢᠨ ᠠᠮᠠᠨ ᠠᠶᠠᠯᠭ᠋ᠤ ᠪᠠ ᠣᠷᠤᠨ ᠨᠤᠲᠤᠭ ᠤᠨ ᠰᠤᠶᠤᠯ》 ᠰᠤᠳᠤᠯᠭ᠋ᠠᠨ ᠤ ᠰᠡᠳᠦᠪ ᠦᠨ ᠪᠠᠢᠴᠠᠭ᠋ᠠᠯᠲᠠ ᠶᠢᠨ ᠮᠡᠳᠡᠭᠦᠯᠦᠯᠲᠡ
Creator ᠪ‍ · ᠰᠤᠳᠤ
Keyword
Abstract ᠬᠣᠷᠴᠢᠨ ᠠᠮᠠᠨ ᠠᠶᠠᠯᠭ᠋ᠤ ᠪᠤᠯ ᠮᠣᠩᠭᠤᠯ ᠬᠡᠯᠡᠨ ᠦ ᠣᠯᠠᠨ ᠠᠶᠠᠯᠭ᠋ᠤ᠂ ᠠᠮᠠᠨ ᠠᠶᠠᠯᠭ᠋ᠤᠨ ᠤ ᠳᠤᠲᠤᠷ᠎ᠠ ᠠᠴᠠ ᠮᠠᠰᠢ ᠲᠦᠷᠭᠡᠨ ᠬᠤᠪᠢᠷᠠᠵᠤ ᠬᠦᠭᠵᠢᠵᠦ ᠪᠠᠢᠭ᠎ᠠ ᠨᠢᠭᠡᠨ ᠠᠮᠠᠨ ᠠᠶᠠᠯᠭ᠋ᠤ ᠪᠤᠯᠤᠨ᠎ᠠ᠃ ᠲᠤᠰ ᠪᠠᠢᠴᠠᠭ᠋ᠠᠯᠲᠠ ᠶᠢᠨ ᠮᠡᠳᠡᠭᠦᠯᠦᠯᠲᠡ ᠳᠦ ᠬᠣᠷᠴᠢᠨ ᠠᠮᠠᠨ ᠠᠶᠠᠯᠭ᠋ᠤᠨ ᠤ ᠡᠨ᠋ᠡᠬᠦ ᠣᠨᠴᠠᠯᠢᠭ ᠪᠠᠢᠳᠠᠯ ᠢ ᠬᠤᠷᠤ᠎ᠠ ᠲᠠᠯ᠎᠎ᠠ ᠠᠴᠠ ᠨᠡᠢᠭᠡᠮ ᠰᠤᠶᠤᠯ ᠤᠨ ᠣᠷᠴᠢᠨ ᠠᠬᠤᠢ ᠳᠤ ᠬᠤᠯᠪᠤᠭᠳᠠᠭ᠋ᠤᠯᠤᠨ ᠦᠭᠦᠯᠡᠪᠡ᠃ ᠨᠢᠭᠡ᠂ ᠬᠣᠷᠴᠢᠨ ᠤ ᠡᠯ᠎ᠡ ᠭᠠᠵᠠᠷ ᠨᠤᠲᠤᠭ ᠬᠤᠭ᠋ᠤᠷᠤᠨᠳᠤ ᠪᠠᠨ ᠬᠡᠯᠡ ᠶᠠᠷᠢᠶᠠᠨ ᠤ ᠲᠠᠯ᠎ᠠ ᠪᠠᠷ ᠤᠯᠠᠮ ᠠᠳᠠᠯᠢᠰᠢᠵᠤ ᠪᠠᠢᠨ᠎ᠠ᠃ ᠬᠤᠶᠠᠷ᠂ ᠬᠣᠷᠴᠢᠨ ᠠᠮᠠᠨ ᠠᠶᠠᠯᠭ᠋ᠤ ᠪᠤᠯ ᠨᠢᠭᠡᠨ ᠲᠦᠷᠭᠡᠨ ᠬᠤᠪᠢᠷᠠᠵᠤ ᠬᠦᠭᠵᠢᠭᠰᠡᠨ ᠠᠮᠠᠨ ᠠᠶᠠᠯᠭ᠋ᠤ ᠪᠤᠯᠤᠨ᠎ᠠ᠃ ᠡᠨ᠋ᠡ ᠨᠢ ᠬᠡᠯᠡᠨ ᠦ ᠬᠦᠭᠵᠢᠯ ᠦᠨ ᠳᠤᠲᠤᠭ᠋ᠠᠳᠤ ᠰᠢᠯᠲᠠᠭ᠋ᠠᠨ ᠠᠴᠠ ᠭᠠᠳᠠᠨ᠎ᠠ ᠨᠡᠢᠭᠡᠮ ᠰᠤᠶᠤᠯ ᠤᠨ ᠠᠬᠤᠢ ᠪᠠᠢᠳᠠᠯ ᠳᠤ ᠴᠤ ᠦᠨᠳᠦᠰᠦᠯᠡᠭᠳᠡᠭᠰᠡᠨ ᠪᠠᠢᠨ᠎ᠠ᠃ ᠲᠡᠭᠦᠰᠭᠡᠯ ᠳᠦ᠂ ᠬᠣᠷᠴᠢᠨ ᠠᠮᠠᠨ ᠠᠶᠠᠯᠭ᠋ᠤᠨ ᠤ ᠬᠤᠪᠢᠷᠠᠯ ᠬᠦᠭᠵᠢᠯ ᠦᠨ ᠲᠤᠬᠠᠢ ᠰᠤᠳᠤᠯᠭ᠋ᠠᠨ ᠤ ᠳ᠋ᠦᠩ ᠢ ᠮᠣᠩᠭᠤᠯ ᠬᠡᠯᠡᠨ ᠦ ᠪᠠᠷᠢᠮᠵᠢᠶ᠎ᠠ ᠠᠪᠢᠶ᠎ᠠ ᠶᠢ ᠳᠡᠯᠭᠡᠷᠡᠭᠦᠯᠬᠦ ᠠᠰᠠᠭ᠋ᠤᠳᠠᠯ ᠳᠤ ᠬᠤᠯᠪᠤᠭᠳᠠᠭ᠋ᠤᠯᠤᠨ ᠰᠢᠨ᠎ᠡ ᠠᠰᠠᠭ᠋ᠤᠳᠠᠯ ᠢ ᠳᠤᠷᠠᠳᠪᠠ᠃
Original Literature No Original Paper
出自 内蒙古民族大学学报(社会科学) 1996年 第4期

联系我们


内蒙古大学图书馆
呼和浩特市大学西路235号
中国·内蒙古
P: (0471) 4992561
E: huangfeilong@imu.edu.cn