Paper Information


Title ᠲᠠᠲᠠᠷ ᠴᠤᠢ ᠶᠢᠨ ᠢᠷᠭᠡᠨ
Creator ᠪᠤᠶᠠᠨᠳᠡᠯᠭᠡᠷ
Keyword
Abstract ᠲᠠᠲᠠᠷ ᠪᠤᠯ ᠡᠷᠲᠡ ᠤᠵᠠᠭᠤᠷ ᠠᠴᠠ ᠨᠡᠷ᠎ᠡ ᠠᠯᠳᠠᠷᠰᠢᠭᠰᠠᠨ ᠮᠣᠩᠭ᠋ᠤᠯᠵᠢᠨ ᠠᠢ᠌ᠮᠠᠭ᠃ 8—10᠋ ᠳᠤᠭᠠᠷ ᠵᠠᠭᠤᠨ᠎ᠠ ᠲᠠᠲᠠᠷ ᠠᠢ᠌ᠮᠠᠭ ᠨᠢ ᠮᠣᠩᠭ᠋ᠤᠯᠵᠢᠨ ᠤᠭᠰᠠᠭᠠᠲᠠᠨ ᠤ ᠳᠤᠲᠤᠷ᠎ᠠ ᠬᠠᠮᠤᠭ ᠬᠦᠴᠦᠷᠬᠡᠭ᠌ ᠪᠠᠢ᠌ᠭᠰᠠᠨ ᠤ ᠤᠴᠢᠷ ᠲᠠᠲᠠᠷ ᠭᠡᠬᠦ ᠨᠡᠷ᠎ᠡ ᠴᠦ ᠨᠢᠭᠡᠨ ᠦᠶ᠎ᠡ ᠪᠦᠭᠦᠢ᠌ᠯᠡ ᠮᠣᠩᠭ᠋ᠤᠯᠵᠢᠨ ᠤᠭᠰᠠᠭᠠᠲᠠᠨ ᠤ ᠨᠡᠢ᠌ᠲᠡ ᠶᠢᠨ ᠨᠡᠷᠡᠢ᠌ᠳᠦᠯ ᠪᠤᠯᠵᠤ ᠪᠠᠢ᠌ᠪᠠ᠃ ᠭᠢᠳᠠᠨ ᠤᠯᠤᠰ ᠤᠨ ᠰᠡᠭᠦᠯᠴᠢ ᠪᠤᠯᠬᠤ ᠳᠤ ᠲᠠᠲᠠᠷ ᠤᠨ ᠬᠦᠴᠦᠨ ᠨᠡᠯᠢᠶᠡᠳ ᠪᠠᠭᠤᠷᠠᠭᠰᠠᠨ ᠪᠤᠯᠪᠠᠴᠤ ᠮᠦᠨ ᠮᠣᠩᠭ᠋ᠤᠯ ᠦᠨᠳᠦᠷᠯᠢᠭ ᠦᠨ ᠨᠢᠭᠡ ᠵᠦᠭ᠌ ᠢ ᠡᠵᠡᠯᠡᠭᠰᠡᠨ ᠬᠦᠴᠦᠷᠬᠡᠭ᠌ ᠠᠢ᠌ᠮᠠᠭ ᠪᠠᠢ᠌ᠭᠰᠠᠨ ᠰᠠᠨᠵᠠᠢ᠃ ᠠᠯᠲᠠᠨ ᠤᠯᠤᠰ ᠤᠨ ᠡᠬᠢᠨ ᠳᠦ ᠲᠠᠲᠠᠷ᠂ ᠠᠯᠲᠠᠨ ᠤᠯᠤᠰ ᠢ ᠳᠠᠭᠠᠵᠤ᠂ ᠴᠤᠢ ᠶᠢᠨ ᠢᠷᠭᠡᠨ ᠨᠢ ᠪᠤᠯᠤᠭᠠᠳ ᠮᠣᠩᠭ᠋ᠤᠯ᠂ ᠭᠡᠷᠡᠢ᠌ᠳ ᠵᠡᠷᠭᠡ ᠠᠢ᠌ᠮᠠᠭ ᠤᠳ ᠢ ᠰᠡᠷᠭᠡᠢ᠌ᠯᠡᠬᠦ ᠬᠠᠯᠬᠠᠪᠴᠢ ᠨᠢ ᠪᠤᠯᠵᠤ ᠪᠠᠢ᠌ᠭᠰᠠᠨ ᠪᠦᠭᠡᠳ ᠠᠯᠲᠠᠨ ᠤᠯᠤᠰ ᠠᠴᠠ ᠮᠣᠩᠭ᠋ᠤᠯ ᠵᠡᠷᠭᠡ ᠠᠢ᠌ᠮᠠᠭ ᠤᠳ ᠢ ᠲᠤᠪᠲᠤᠯᠬᠤ ᠳᠠᠢ᠌ᠨ ᠳᠤ ᠠᠯᠭᠢᠨᠴᠢᠯᠠᠵᠤ ᠪᠠᠢ᠌ᠵᠠᠢ᠃ ᠠᠯᠲᠠᠨ ᠤᠯᠤᠰ ᠤᠨ ᠵᠠᠩᠽᠦ᠋ᠩ ᠬᠠᠭᠠᠨ ᠤ ᠦᠶ᠎ᠡ ᠳᠦ ᠲᠠᠲᠠᠷ ᠠᠯᠲᠠᠨ ᠤᠯᠤᠰ ᠠᠴᠠ ᠤᠷᠪᠠᠭᠠᠳ᠂ ᠠᠯᠲᠠᠨ ᠤᠯᠤᠰ ᠤᠨ ᠤᠮᠠᠷᠠᠲᠤ ᠬᠢᠵᠠᠭᠠᠷ ᠲᠤ ᠶᠡᠬᠡ ᠳᠤᠩᠰᠤᠯᠤᠯᠲᠠ ᠪᠤᠯᠵᠠᠢ᠃ ᠡᠨᠡ ᠦᠶ᠎ᠡ ᠡᠴᠡ ᠡᠬᠢᠯᠡᠵᠦ ᠮᠣᠩᠭ᠋ᠤᠯ ᠦᠨᠳᠦᠷᠯᠢᠭ᠌᠋᠌᠌᠌᠌᠌᠌ ᠦᠨ ᠨᠢᠭᠡᠲᠦᠯ ᠦᠨ ᠶᠠᠪᠤᠴᠠ ᠳᠦᠷᠭᠡᠳᠴᠦ᠂ ᠰᠢᠨ᠎ᠡ ᠴᠠᠭ ᠦᠶ᠎ᠡ ᠳᠦ ᠣᠷᠤᠪᠠ᠃
Original Literature No Original Paper
出自 内蒙古大学学报 1993年 第1期

联系我们


内蒙古大学图书馆
呼和浩特市大学西路235号
中国·内蒙古
P: (0471) 4992561
E: huangfeilong@imu.edu.cn