Abstract |
ᠮᠣᠩᠭᠤᠯ ᠬᠡᠯᠡᠨ ᠤ ᠠᠶᠠᠯᠭ᠎ᠠ ᠦᠭᠡ ᠶᠢᠨ ᠰᠣᠳᠣᠯᠣᠯ ᠪᠣᠯ ᠬᠡᠯᠡᠨ ᠤ ᠰᠢᠨᠵᠢᠯᠡᠯ ᠳ᠋ᠤ ᠦᠭᠡ ᠵᠦᠢ ᠶᠢᠨ ᠰᠣᠳᠣᠯᠣᠯ ᠤᠨ ᠮᠠᠰᠢ ᠴᠢᠬᠤᠯᠠ ᠠᠭᠤᠯᠭ᠎ᠠ ᠶᠢᠨ ᠨᠢᠭᠡ ᠪᠣᠯᠬᠤ ᠶᠣᠮ᠃ ᠤᠯᠤᠰ ᠤᠨ ᠲᠤᠲᠤᠭᠠᠳᠤ ᠭᠠᠳᠠᠭᠠᠲᠤ ᠶᠢᠨ ᠡᠷᠲᠡᠮᠲᠡᠨ ᠨᠠᠷ ᠠᠯᠢ ᠡᠷᠲᠡᠨ ᠡᠴᠡ ᠠᠩᠬᠠᠷᠤᠯ ᠳ᠋ᠠᠭᠠᠨ ᠠᠪᠴᠠᠢ᠃ 《ᠬᠠᠭᠤᠴᠢᠨ ᠶᠠᠭᠤᠮ ᠠ ᠤᠯᠠᠨ ᠪᠤᠯᠵᠤ᠂ ᠰᠢᠨ᠎ᠡ ᠶᠠᠭᠤᠮ ᠠ ᠵᠤᠯᠠ ᠪᠣᠯᠤᠨ᠎ᠠ》 ᠭᠡᠳᠡᠭ ᠢᠢᠡᠷ 18 ᠳ᠋ᠤᠭᠠᠷ ᠵᠠᠭᠤᠨ ᠤ ᠡᠬᠢ ᠪᠡᠷ ᠵᠣᠬᠢᠶᠠᠭᠳᠠᠭᠰᠠᠨ ᠲᠠᠨᠽᠠᠨᠳᠠᠠᠪᠠ ᠶᠢᠨ 《ᠤᠭᠲᠠᠷᠭᠤ ᠶᠢᠨ ᠮᠠᠨᠢ》 ᠳ᠋ᠤ《ᠭᠤᠳᠠᠭᠠᠷ ᠲᠠᠢᠨ ᠢᠯᠠᠭᠠᠯ ᠠᠨᠤ᠂ ᠲᠠᠭᠤᠳᠠᠬᠤᠢ ᠶᠢᠨ ᠲᠠᠢᠯ ᠢᠯᠡᠭᠠᠯ ᠯᠤᠭ᠎ᠠ ᠨᠠᠢᠮᠠ ᠪᠦᠯᠦᠭᠡ᠂ ᠠᠮᠢᠯ ᠬᠡᠮᠡᠪᠡᠰᠦ ᠠᠶ ᠠ ᠬᠦᠪᠡᠭᠦᠨ ᠬᠡᠮᠡᠬᠦ ᠮᠡᠲᠦ ᠬᠢᠭᠡᠳ ᠣᠦ ᠲᠠᠢᠨ ᠪᠦᠭᠡᠰᠦ ᠬᠡᠮᠡᠭᠰᠡᠨ ᠮᠡᠲᠦ ᠲᠠᠭᠤᠳᠠᠬᠤ ᠲᠠᠢᠨ ᠢᠯᠠᠭᠠᠯ ᠪᠣᠯᠠᠢ》 ᠭᠡᠵᠦ ᠠᠩᠬ ᠠ ᠲᠤᠷᠠᠳᠴᠠᠢ᠃ |