Paper Information


Title ᠮᠣᠩ᠋ᠭᠤᠯ ᠣᠷᠳᠤᠨ ᠤ ᠳᠠᠭᠤᠤ ᠶᠢᠨ ᠮᠠᠨᠵᠤ ᠣᠷᠴᠢᠭᠤᠯᠭ᠎ᠠ ᠶᠢᠨ ᠰᠢᠨᠵᠢᠯᠡᠯᠭᠡ
Creator ᠳ᠋‍᠂ ᠭᠤᠤ᠎ᠠ
Keyword ᠮᠣᠩ᠋ᠭᠤᠯ ᠣᠷᠳᠤᠨ ᠤ ᠳᠠᠭᠤᠤ; ᠡᠪᠬᠡᠮᠡᠯ ᠳᠡᠪᠲᠡᠷ; ᠠᠯᠲᠠᠨ ᠪᠢᠴᠢᠮᠡᠯ ᠡᠬᠡ; ᠮᠠᠨᠵᠤ ᠣᠷᠴᠢᠭᠤᠯᠭ᠎ᠠ
Abstract ᠪᠢᠳᠡ ᠡᠪᠬᠡᠮᠡᠯ ᠳᠡᠪᠲᠡᠷ ᠪᠡ ᠠᠯᠲᠠᠨ ᠪᠢᠴᠢᠮᠡᠯ ᠡᠬᠡ ᠶᠢᠨ ᠮᠣᠩ᠋ᠭᠤᠯ ᠰᠢᠯᠦᠭ ᠪᠠ ᠮᠠᠨᠵᠤ ᠣᠷᠴᠢᠭᠤᠯᠭ᠎ᠠ ᠶᠢ ᠬᠠᠷᠢᠴᠠᠭᠤᠯᠬᠤ ᠶᠢᠨ ᠳᠠᠭᠠᠤ ᠬᠤᠶᠠᠷ ᠳᠡᠪᠲᠡᠷ ᠦᠨ ᠮᠠᠨᠵᠤ ᠣᠷᠴᠢᠭᠤᠯᠭ᠎ᠠ ᠶᠢ ᠠᠳᠠᠯᠢᠳᠬᠠᠭᠰᠠ ᠤ ᠳ᠋ᠦᠩ ᠳᠤ᠂ ᠡᠪᠬᠡᠮᠡᠯ ᠳᠡᠪᠲᠡᠷ ᠦᠨ ᠮᠠᠨᠵᠤ ᠣᠷᠴᠢᠭᠤᠯᠭ᠎ᠠ ᠳᠤ ᠮᠣᠩ᠋ᠭᠤᠯ ᠤᠭ ᠡᠬᠡ ᠶᠢᠨ ᠠᠭᠤᠯᠭ᠎ᠠ ᠶᠢ ᠦᠴᠦᠬᠡᠨ ᠴᠦ ᠦᠭᠡᠷᠡᠴᠢᠯᠡᠯ ᠦᠭᠡᠢ ᠣᠷᠴᠢᠭᠤᠯᠤᠭᠰᠠᠨ ᠪᠠᠢ᠌ᠬᠤ ᠳᠤ᠂ ᠲᠡᠭᠦᠨ ᠦ ᠳᠠᠷᠠᠭ᠎ᠠ ᠭᠠᠷᠤᠭᠰᠠᠨ ᠠᠯᠲᠠᠨ ᠪᠢᠴᠢᠮᠡᠯ ᠡᠬᠡ ᠶᠢᠨ ᠣᠷᠴᠢᠭᠤᠯᠭ᠎ᠠ ᠨᠢ ᠬᠠᠷᠢᠨ ᠲᠡᠭᠷᠢ ᠲᠡᠳᠭᠦᠭ᠍ᠴᠢ ᠬᠠᠭᠠᠨ ᠤ ᠦᠶ᠎ᠡ ᠶᠢᠨ ᠰᠤᠳᠤᠷ ᠪᠢᠴᠢᠭ᠌ ᠦᠨ ᠤᠯᠠᠮᠵᠢᠯᠠᠯᠲᠤ ᠣᠷᠴᠢᠭᠤᠯᠭ᠎ᠠ ᠠᠴᠠ ᠦᠰᠦᠳ ᠦᠭᠡᠷ᠎ᠡ ᠨᠢᠭᠡᠨ ᠵᠤᠢ᠌ᠯ ᠤᠨ ᠣᠷᠴᠢᠭᠤᠯᠭ᠎ᠠ ᠶᠢᠨ ᠬᠡᠪ ᠨᠠᠮᠪᠠ ᠶᠢ ᠦᠵᠡᠭᠦᠯᠦᠭᠰᠡᠨ ᠪᠠᠢ᠌ᠨ᠎ᠠ᠃ ᠡᠪᠬᠡᠮᠯᠡ ᠳᠡᠪᠲᠡᠷ ᠲᠦ ᠳᠠᠭᠤᠤ ᠶᠢᠨ ᠨᠷ᠎ᠡ ᠶᠢ ᠵᠦᠪᠬᠡᠨ ᠮᠠᠨᠵᠤ ᠦᠰᠦᠭ ᠢᠶᠡᠷ ᠠᠪᠢᠶᠠᠴᠢᠯᠠᠨ ᠣᠷᠴᠢᠭᠤᠯᠤᠭᠰᠠᠨ ᠲᠡᠳᠦᠢ᠂ ᠲᠡᠭᠦᠨ ᠦ ᠬᠤᠪᠢᠯᠪᠤᠷᠢ ᠪᠤᠯᠬᠤ ᠠᠯᠲᠠᠨ ᠪᠢᠴᠢᠮᠡᠯ ᠡᠬᠡ ᠳᠦ ᠰᠠᠶ‍ᠢ ᠤᠳᠬᠠᠴᠢᠯᠠᠭᠰᠠᠨ ᠣᠷᠴᠢᠭᠤᠯᠭ᠎ᠠ ᠬᠢᠭ᠍ᠰᠡᠨ ᠪᠠᠢ᠌ᠨ᠎ᠠ᠃ ᠡᠭᠦᠨ ᠡᠴᠡ ᠦᠵᠡᠪᠡᠯ ᠡᠳᠡᠭᠡᠷ 《ᠮᠣᠩ᠋ᠭᠤᠯ ᠳᠠᠭᠤᠤ ᠬᠦᠭ᠍ᠵᠢᠮ》ᠤᠤᠯ ᠠᠴᠠ ᠨᠡᠷ᠎ᠡ ᠦᠭᠡᠢ ᠴᠦᠮ ᠣᠷᠴᠢᠭᠤᠯᠤᠭᠴᠢ ᠶᠢᠨ ᠨᠡᠮᠡᠭᠰᠡᠨ ᠵᠤᠢ᠌ᠯ ᠪᠢᠰᠢ᠂ ᠬᠠᠷᠢᠨ ᠤᠤᠯ ᠤᠨ ᠪᠠᠢ᠌ᠭᠰᠠᠨ ᠨᠡᠷ᠎ᠡ ᠳᠡᠭᠡᠷ᠎ᠡ ᠵᠠᠰᠠᠯᠲᠠ ᠨᠡᠮᠡᠯᠲᠡ ᠬᠢᠭ᠍ᠰᠡᠨ ᠪᠠᠢ᠌ᠨ᠎ᠠ᠃ ᠡᠨᠡ ᠬᠤᠶᠠᠷ ᠳᠡᠪᠲᠡᠷ ᠦᠨ ᠣᠷᠴᠢᠭᠤᠯᠭ᠎ᠠ ᠶᠢᠨ ᠣᠨᠴᠠᠯᠢᠭ ᠠᠴᠠ 《ᠡᠪᠬᠡᠮᠡᠯ ᠳᠡᠪᠲᠡᠷ》᠋ ᠤᠨ ᠮᠠᠨᠵᠤ ᠣᠷᠴᠢᠭᠤᠯᠭ᠎ᠠ ᠨᠢ ᠮᠣᠩ᠋ᠭᠤᠯ ᠮᠠᠨᠵᠤ ᠬᠡᠯᠡᠨ ᠦ ᠬᠠᠷᠢᠴᠠᠭᠤᠯᠤᠭᠰᠠᠨ ᠰᠤᠳᠤᠯᠤᠯ ᠤᠨ ᠴᠢᠬᠤᠯᠠ ᠮᠠᠲ᠋ᠧᠷᠢᠶᠠᠯ ᠪᠤᠯᠵᠤ ᠪᠤᠯᠬᠤ ᠪᠦᠭᠡᠳ 《ᠠᠯᠲᠠᠨ ᠪᠢᠴᠢᠮᠡᠯ ᠡᠬᠡ 》ᠬᠠᠷᠢᠨ ᠮᠠᠨᠵᠤ ᠰᠢᠯᠦᠭ ᠦᠨ ᠰᠤᠳᠤᠯᠤᠯ ᠤᠨ ᠦᠨᠡᠲᠦ ᠮᠠᠲ᠋ᠧᠷᠢᠶᠠᠯ ᠪᠤᠯᠬᠤ ᠶᠢ ᠮᠡᠳᠡᠵᠦ ᠪᠤᠯᠤᠨ᠎ᠠ᠃
Original Literature View Original Paper
出自 中国蒙古学 2013年 第2期

联系我们


内蒙古大学图书馆
呼和浩特市大学西路235号
中国·内蒙古
P: (0471) 4992561
E: huangfeilong@imu.edu.cn