Paper Information


Title ᠮᠣᠩᠭᠤᠯ ᠦᠨᠳᠦᠰᠦᠲᠡᠨ ᠦ ᠤᠵᠠᠭᠤᠷ ᠬᠦᠭᠵᠢᠮᠳᠡᠭᠦᠷ — ᠮᠤᠳᠤᠨ ᠴᠤᠭᠤᠷ
Creator ᠪᠤᠶᠠᠨᠬᠡᠰᠢᠭ᠌
Keyword ᠮᠤᠳᠤᠨ ᠴᠤᠭᠤᠷ; ᠮᠠᠲ᠋ᠧᠷᠢᠶᠠᠯ; ᠬᠡᠯᠪᠡᠷᠢ ᠳᠦᠷᠰᠦ; ᠦᠯᠢᠶᠡᠬᠦ ᠠᠷᠭ᠎ᠠ
Abstract ᠮᠤᠳᠤᠨ ᠴᠤᠭᠤᠷ ᠪᠤᠯ ᠮᠣᠩᠭᠤᠯ ᠦᠨᠳᠦᠰᠦᠲᠡᠨ ᠦ ᠤᠯᠠᠮᠵᠢᠯᠠᠯᠲᠤ ᠢᠵᠠᠭᠤᠷ ᠬᠦᠭᠵᠢᠮᠳᠡᠭᠦᠷ ᠦᠨ ᠰᠤᠩᠭᠤᠳᠠᠭ ᠨᠢᠭᠡ ᠲᠦᠷᠦᠯ ᠵᠤᠢᠯ ᠪᠤᠯᠤᠨ᠎ᠠ᠃ ᠮᠤᠳᠤᠨ ᠴᠤᠭᠤᠷ ᠤᠨ ᠲᠡᠦᠬᠡ ᠨᠢ ᠤᠷᠲᠤ ᠪᠦᠭᠡᠳ ᠲᠡᠭᠦᠨ ᠢ ᠵᠤᠬᠢᠶᠠᠵᠤ ᠦᠢᠯᠡᠳᠬᠦ ᠮᠠᠲ᠋ᠧᠷᠢᠶᠠᠯ ᠨᠢ ᠣᠨᠴᠠᠭᠠᠢ ᠮᠦᠷᠲᠡᠭᠡᠨ ᠬᠡᠯᠪᠡᠷᠢ ᠳᠦᠷᠰᠦ ᠨᠢ ᠴᠦ ᠦᠪᠡᠷᠮᠢᠴᠡ ᠪᠠᠢᠳᠠᠭ᠃ ᠶᠡᠷᠦ ᠳᠡᠭᠡᠨ ᠬᠤᠶᠠᠷ ᠨᠦᠬᠡ ᠲᠡᠢ᠂ ᠭᠤᠷᠪᠠᠨ ᠨᠦᠬᠡ ᠲᠡᠢ᠂ ᠳᠦᠷᠪᠡᠨ ᠨᠦᠬᠡ ᠲᠡᠢ ᠵᠡᠷᠭᠡ ᠠᠳᠠᠯᠢ ᠪᠤᠰᠤ ᠲᠤᠭᠠᠨ ᠤ ᠨᠦᠬᠡ ᠲᠡᠢ ᠪᠠᠢᠵᠤ᠂ ᠳᠠᠭᠤᠨ ᠤ ᠦᠩᠭᠡ ᠨᠢ ᠬᠦᠩᠭᠢᠨᠡᠮ᠎ᠡ᠂ ᠪᠠᠢᠭᠠᠯᠢᠭᠯᠢᠭ᠂ ᠤᠵᠠᠭᠤᠷᠯᠢᠭ ᠣᠨᠴᠠᠯᠢᠭ ᠲᠠᠢ᠃ ᠮᠤᠳᠤᠨ ᠴᠤᠭᠤᠷ ᠢ ᠪᠦᠬᠦ ᠲᠠᠯ᠎ᠠ ᠪᠠᠷ ᠰᠢᠨᠵᠢᠯᠡᠵᠦ ᠰᠤᠳᠤᠯᠤᠨ᠂ ᠵᠠᠯᠭᠠᠮᠵᠢᠯᠠᠵᠤ ᠦᠪᠯᠡᠨ᠂ ᠲᠡᠭᠦᠨ ᠢ ᠦᠨᠳᠦᠰᠦᠲᠡᠨ ᠦ ᠪᠡᠨ ᠳᠠᠭᠤᠤ ᠬᠦᠭᠵᠢᠮ ᠦᠨ ᠦᠨᠡᠲᠦ ᠦᠪ ᠪᠤᠶᠤ ᠪᠤᠳᠠᠰ ᠤᠨ ᠪᠤᠰᠤ ᠰᠤᠶᠤᠯ ᠤᠨ ᠦᠪ ᠦᠨ ᠴᠢᠬᠤᠯᠠ ᠨᠢᠭᠡ ᠲᠦᠷᠦᠯ ᠵᠤᠢᠯ ᠤᠨ ᠬᠤᠪᠢ ᠪᠠᠷ ᠨᠠᠨᠳᠢᠩᠨᠠᠵᠤ ᠬᠦᠷᠦᠩᠭᠡᠯᠡᠵᠦ ᠠᠪᠬᠤ ᠴᠢᠬᠤᠯᠠ ᠲᠠᠢ ᠶᠤᠮ᠃ ᠮᠤᠳᠤᠨ ᠴᠤᠭᠤᠷ ᠪᠤᠯ ᠴᠤᠭᠤᠷ ᠤᠨ ᠨᠢᠭᠡ ᠲᠦᠷᠦᠯ ᠵᠤᠢᠯ ᠪᠤᠯᠤᠨ᠎ᠠ᠃ ᠣᠳᠤᠬᠠᠨ ᠳᠤ ᠴᠤᠭᠤᠷ ᠨᠢ ᠤᠯᠤᠰ ᠤᠨ ᠳᠡᠰ ᠦᠨ ᠪᠤᠳᠠᠰ ᠤᠨ ᠪᠤᠰᠤ ᠰᠤᠶᠤᠯ ᠤᠨ ᠦᠪ ᠢᠶᠡᠷ ᠬᠠᠮᠠᠭᠠᠯᠠᠭᠳᠠᠵᠤ ᠪᠤᠢ᠃
Original Literature View Original Paper
出自 中国蒙古学 2016年 第2期

联系我们


内蒙古大学图书馆
呼和浩特市大学西路235号
中国·内蒙古
P: (0471) 4992561
E: huangfeilong@imu.edu.cn