Paper Information


Title ᠲᠠᠪᠤᠨ ᠷᠠᠰᠢᠶᠠᠨ ᠤ ᠵᠠᠰᠠᠯ ᠨ ᠡᠮᠴᠢᠯᠡᠭᠡᠨ ᠳᠦ ᠬᠢ ᠠᠴᠢ ᠲᠤᠰᠠ
Creator ᠡᠦ ᠹᠧᠩ ᠴᠢᠨ
Keyword ᠲᠠᠪᠤᠨ ᠷᠠᠰᠢᠶᠠᠨ; ᠳᠡᠪᠳᠦᠭᠡᠯᠭᠡ ᠵᠠᠰᠠᠯ; ᠡᠮᠴᠢᠯᠡᠭᠡᠨ ᠳᠦ ᠬᠢ ᠠᠴᠢ ᠲᠤᠰᠠ
Abstract ᠲᠠᠪᠤᠨ ᠷᠠᠰᠢᠶᠠᠨ ᠤ ᠵᠠᠰᠠᠯ ᠪᠤᠯ ᠠᠯᠲᠠᠨ ᠬᠠᠷᠠᠪᠤᠷ᠂ ᠦᠷᠭᠡᠰᠦᠲᠦ ᠠᠷᠴᠠ᠂ ᠵᠡᠷᠭᠡᠷᠭᠡᠨ᠎ᠡ᠂ ᠪᠠᠯᠭᠤᠨ᠎ᠠ᠂ ᠠᠭᠢ ᠵᠡᠷᠭᠡ ᠲᠠᠪᠤᠨ ᠵᠤᠢ᠌ᠯ ᠤᠨ ᠡᠮ ᠢ ᠬᠦᠮᠦᠨ ᠦ ᠬᠦᠴᠦ ᠪᠡᠷ ᠪᠡᠯᠡᠳᠭᠡᠭ᠍ᠰᠡᠨ ᠤᠰᠤᠨ ᠳᠡᠪᠲᠦᠭᠡᠯᠭᠡ ᠬᠢᠨ᠎ᠡ᠃ ᠳᠡᠪᠲᠦᠭᠡᠬᠦ ᠵᠠᠰᠠᠯ ᠪᠤᠯ ᠭᠤᠤᠯᠳᠠᠭᠤ ᠪᠡᠶ᠎ᠡ ᠶᠢᠨ ᠬᠠᠯᠠᠭᠤᠨ ᠪᠤᠶᠤ ᠡᠪᠡᠳᠴᠢᠨ ᠦ ᠠᠭᠤᠷ ᠢ ᠰᠢᠷ᠎ᠠ ᠤᠰᠤᠨ ᠳᠤ ᠪᠠᠭᠤᠯᠭᠠᠵᠤ᠂ ᠬᠦᠯᠦᠰᠦ ᠪᠡᠷ ᠳᠠᠮᠵᠢᠭᠤᠯᠤᠨ ᠰᠢᠷ᠎ᠠ ᠤᠰᠤᠨ ᠤ ᠰᠦᠪᠡ ᠪᠡᠷ ᠭᠠᠳᠠᠭᠰᠢ ᠭᠠᠷᠭᠠᠵᠤ᠂ ᠰᠦᠪᠡ ᠨᠦᠬᠦᠳ ᠢ ᠨᠡᠭᠡᠭᠡᠭ᠍ᠳᠡᠭᠦᠯᠦᠨ ᠬᠡᠢ ᠴᠢᠰᠦᠨ ᠦ ᠭᠦᠶᠦᠳᠡᠯ ᠢ ᠰᠠᠢ᠌ᠵᠢᠷᠠᠭᠤᠯᠵᠤ᠂ ᠬᠤᠳᠤᠭᠤᠳᠤᠨ ᠤ ᠭᠠᠯ ᠤᠨ ᠢᠯᠴᠢ ᠶᠢ ᠳᠡᠭᠵᠢᠷᠡᠭᠦᠯᠦᠨ ᠡᠷᠬᠡᠲᠡᠨ ᠨᠦᠬᠦᠳ ᠢ ᠬᠤᠴᠠᠳᠬᠠᠵᠤ᠂ ᠪᠦᠬᠦ ᠪᠡᠶ᠎ᠡ ᠶᠢᠨ ᠠᠷᠠᠰᠤ ᠬᠦᠷᠦᠰᠦ ᠶᠢ ᠵᠦᠭᠡᠯᠡᠷᠡᠭᠦᠯᠵᠦ᠂ ᠦᠩᠭᠡ ᠬᠦᠴᠦᠨ ᠢ ᠨᠡᠮᠡᠭᠳᠡᠭᠦᠯᠦᠨ ᠮᠠᠬᠠᠪᠤᠳ ᠢ ᠴᠢᠭᠢᠷᠠᠭᠵᠢᠭᠤᠯᠬᠤ ᠦᠢᠯᠡᠳᠦᠯ ᠲᠡᠢ ᠪᠦᠭᠡᠳ ᠨᠡᠩ ᠴᠦ ᠦᠶ᠎ᠡ ᠭᠡᠰᠢᠭᠦᠦ ᠪᠡ ᠰᠤᠳᠠᠯ ᠰᠢᠷᠪᠤᠰᠤᠨ ᠳᠤ ᠰᠢᠨᠦᠵᠦ ᠰᠠᠷᠨᠢᠭᠰᠠᠨ ᠭᠦᠢᠲᠡᠨ ᠡᠪᠡᠳᠴᠢᠨᠪᠡ ᠰᠢᠷ᠎ᠠ ᠤᠰᠤᠨ ᠤ ᠡᠪᠡᠳᠴᠢᠨ ᠦ ᠬᠤᠭ ᠢ ᠲᠠᠰᠤᠯᠬᠤ ᠳᠤ ᠰᠠᠢ᠌ᠨ ᠪᠦᠭᠡᠳ ᠭᠡᠮᠲᠦᠭᠰᠡᠨ ᠬᠠᠯᠠᠭᠤᠨ᠂ ᠬᠤᠤᠷ ᠤᠨ ᠤᠷᠬᠠᠭ ᠬᠠᠯᠠᠭᠤᠨ ᠬᠠᠭᠤᠴᠢᠷᠠᠵᠤ ᠰᠠᠷᠨᠢᠭᠰᠠᠨ ᠪᠠ ᠰᠢᠨᠤᠭᠰᠠᠨ᠂ ᠴᠢᠭᠢᠬ᠎ᠠ ᠡᠪᠡᠳᠴᠢᠨ ᠦ ᠵᠤᠢ᠌ᠯ᠂ ᠬᠠᠭᠤᠴᠢᠨ ᠶᠠᠷ᠎ᠠ᠂ ᠰᠦᠷᠢᠶ᠎ᠡ᠂ ᠰᠤᠳᠠᠯ ᠤᠨ ᠪᠡᠳᠴᠢᠨ ᠦ ᠵᠤᠢ᠌ᠯ᠂ ᠦᠶ᠎ᠡ ᠭᠡᠰᠢᠭᠦᠦ ᠬᠦᠰᠢᠭᠰᠡᠨ ᠪᠤᠶᠤ ᠠᠳᠤᠷᠢᠭᠰᠠᠨ᠂ ᠪᠤᠯᠴᠢᠩ ᠮᠢᠬ᠎ᠠ ᠨᠠᠷᠢᠰᠴᠤ ᠬᠠᠳᠠᠭᠰᠠᠨ ᠵᠡᠷᠭᠡ ᠡᠪᠡᠳᠴᠢᠨ ᠦ ᠤᠷᠬᠠᠭ ᠭᠡᠮ ᠢ ᠭᠠᠷᠭᠠᠬᠤ ᠦᠢᠯᠡᠳᠦᠯ ᠲᠡᠢ ᠪᠠᠢ᠌ᠳᠠᠭ᠃ ᠵᠤᠬᠢᠶᠠᠯ ᠳᠤ ᠡᠨᠡ ᠬᠦ ᠠᠷᠭ᠎ᠠ ᠶᠢᠨ ᠲᠤᠬᠠᠢ ᠨᠠᠷᠢᠨ ᠲᠤᠳᠤᠷᠬᠠᠢ ᠲᠠᠨᠢᠯᠴᠠᠭᠤᠯᠵᠤ᠂ ᠠᠵᠢᠯ ᠨᠢᠭᠡᠲᠡᠨ ᠳᠦ ᠬᠠᠪᠰᠤᠷᠤᠮᠵᠢ ᠪᠤᠯᠭᠠᠬᠤ ᠶᠢ ᠵᠤᠷᠢᠪᠠ᠃
Original Literature View Original Paper
出自 内蒙古民族大学学报(自然科学) 2010年 第1期

联系我们


内蒙古大学图书馆
呼和浩特市大学西路235号
中国·内蒙古
P: (0471) 4992561
E: huangfeilong@imu.edu.cn