Paper Information


Title ᠠᠮᠧᠷᠢᠺᠠ ᠶᠢᠨ ᠲᠤᠪᠴᠯᠠᠯ ᠬᠡᠯᠡ ᠰᠢᠨᠵᠢᠯᠡᠯ ᠦᠨ ᠴᠢᠭᠯᠡᠯ ᠦᠨ ᠣᠨᠣᠯ ᠤᠨ ᠴᠤᠭᠴᠠ
Creator ᠵᠠ‍᠂ ᠪᠠᠲᠤᠭᠡᠷᠡᠯ
Keyword ᠠᠮᠧᠷᠢᠺᠠ; ᠲᠤᠪᠴᠢᠯᠠᠯ ᠬᠡᠯᠡ ᠰᠢᠨᠵᠢᠯᠡᠯ; ᠣᠨᠣᠯ ᠤᠨ ᠴᠤᠭᠴᠠ
Abstract ᠠᠮᠧᠷᠢᠺᠠ ᠶᠢᠨ ᠲᠤᠪᠴᠢᠯᠠᠯ ᠤᠨ ᠴᠢᠭᠯᠡᠯ ᠪᠤᠯ ᠳᠡᠯᠡᠬᠡᠢ ᠶᠢᠨ ᠭᠤᠷᠪᠠᠨ ᠶᠡᠬᠡ ᠬᠡᠯᠡ ᠰᠢᠨᠵᠢᠯᠡᠯ ᠦᠨ ᠴᠢᠭᠯᠡᠯ ᠦᠨ ᠨᠢᠭᠡ ᠨᠢ ᠪᠤᠯᠬᠤ ᠶᠤᠮ᠃ ᠠᠮᠧᠷᠢᠺᠠ ᠶᠢᠨ ᠲᠤᠪᠴᠢᠯᠠᠯ ᠬᠡᠯᠡ ᠰᠢᠨᠵᠢᠯᠡᠯ ᠦᠨ ᠤᠯᠠᠮᠵᠢᠯᠠᠯ ᠨᠢ ᠡᠸᠦ᠋ᠷᠦᠫᠡ ᠶᠢᠨ ᠬᠡᠯᠡ ᠰᠢᠨᠵᠢᠯᠡᠯ ᠦᠨ ᠤᠯᠠᠮᠵᠢᠯᠠᠯ ᠲᠠᠢ ᠠᠳᠠᠯᠢ ᠦᠭᠡᠢ᠃ ᠠᠮᠧᠷᠢᠺᠠ ᠶᠢᠨ ᠲᠤᠪᠴᠢᠯᠠᠯ ᠬᠡᠯᠡ ᠰᠢᠨᠵᠢᠯᠡᠯ ᠦᠨ ᠡᠭᠦᠰᠦᠯ ᠪᠦᠷᠢᠯᠦᠯ ᠨᠢ ᠭᠤᠤᠯ ᠠᠮᠧᠷᠢᠺᠠ ᠶᠢᠨ ᠨᠤᠲᠤᠭ ᠳᠡᠪᠢᠰᠭᠡᠷ ᠳᠡᠭᠡᠷ᠎ᠡ ᠪᠠᠢ᠌ᠷᠢᠰᠢᠵᠤ ᠪᠠᠢ᠌ᠭ᠎ᠠ ᠰᠠᠭᠤᠭᠠᠯᠢ ᠠᠷᠠᠳ ᠤᠨ ᠰᠤᠶᠤᠯ ᠵᠠᠩ ᠵᠠᠩᠰᠢᠯ ᠢ ᠰᠤᠳᠤᠯᠬᠤ ᠶᠠᠪᠤᠴᠠ ᠳᠠᠬᠢ ᠬᠡᠯᠡ ᠰᠤᠳᠤᠯᠤᠯ ᠢ ᠳᠠᠭᠠᠵᠤ ᠠᠶᠠᠨᠳᠠᠭᠠᠨ ᠪᠤᠢ ᠪᠤᠯᠤᠭᠰᠠᠨ ᠰᠤᠳᠤᠯᠭᠠᠨ ᠢ ᠵᠢᠭᠠᠵᠤ ᠪᠠᠢ᠌ᠭ᠎ᠠ ᠶᠤᠮ᠃ ᠲᠤᠰ ᠦᠭᠦᠯᠡᠯ ᠳᠦ ᠠᠮᠧᠷᠢᠺᠠ ᠶᠢᠨ ᠬᠡᠯᠡ ᠰᠤᠳᠤᠯᠤᠯ ᠤᠨ ᠡᠭᠦᠰᠦᠯ ᠪᠦᠷᠢᠯᠳᠦᠯ ᠢ ᠶᠠᠷᠢᠬᠤ ᠭᠡᠵᠦ ᠪᠠᠢ᠌ᠭ᠎ᠠ ᠪᠢᠰᠢ᠂ ᠬᠠᠷᠢᠨ ᠲᠡᠭᠦᠨ ᠦ ᠳᠤᠲᠤᠷ᠎ᠠ ᠠᠴᠠ ᠵᠦᠪᠬᠡᠨ ᠲᠦᠯᠦᠭᠡᠯᠡᠬᠦ ᠴᠢᠨᠠᠷ ᠲᠠᠢ ᠬᠡᠯᠡ ᠰᠢᠨᠵᠢᠯᠡᠭᠴᠢ ᠪᠡ ᠲᠡᠭᠦᠨ ᠦ ᠪᠦᠲᠦᠭᠡᠯ ᠢᠶᠡᠷ ᠨᠢ ᠭᠤᠤᠯ ᠪᠤᠯᠭᠠᠵᠤ᠂ ᠲᠤᠪᠴᠢᠯᠠᠯ ᠬᠡᠯᠡ ᠰᠢᠨᠵᠢᠯᠡᠯ ᠦᠨ ᠣᠨᠣᠯ ᠤᠨ ᠶᠠᠪᠤᠴᠠ ᠶᠢ ᠲᠤᠳᠤᠷᠬᠠᠢ᠌ᠯᠠᠵᠤ ᠶᠠᠷᠢᠬᠤ ᠪᠤᠯᠤᠨ᠎ᠠ᠃ ᠲᠤᠬᠠᠢ᠌ᠯᠠᠪᠠᠯ᠂ 20᠋ ᠳᠤᠭᠠᠷ ᠵᠠᠭᠤᠨ ᠤ ᠡᠬᠢ ᠪᠡᠷ ᠬᠢ ᠸ‍᠂ ᠳ᠋‍᠂ ᠸ‍᠂ ᠾᠲ᠋ᠨᠧ ᠶᠢᠨ ᠬᠡᠯᠡ ᠰᠢᠨᠵᠢᠯᠡᠯ ᠦᠨ ᠣᠨᠣᠯ ᠠᠴᠠ ᠼᠠᠷᠯᠧᠰ᠂ ᠹ‍᠂ ᠾᠦ᠋ᠺᠧᠲ᠋ ᠤᠨ 《ᠣᠷᠴᠢᠨ ᠦᠶ᠎ᠡ ᠶᠢᠨ ᠬᠡᠯᠡ ᠰᠢᠨᠵᠢᠯᠡᠯ ᠦᠨ ᠵᠢᠭᠠᠬᠤ ᠪᠢᠴᠢᠭ᠌》ᠬᠦᠷᠲᠡᠯᠡᠬᠦ ᠬᠡᠯᠡ ᠰᠢᠨᠵᠢᠯᠡᠯ ᠦᠨ ᠣᠨᠣᠯ ᠤᠨ ᠴᠤᠭᠴᠠ ᠶᠢ ᠦᠭᠦᠯᠡᠪᠡ᠃
Original Literature View Original Paper
出自 西部蒙古论坛 2010年 第4期

联系我们


内蒙古大学图书馆
呼和浩特市大学西路235号
中国·内蒙古
P: (0471) 4992561
E: huangfeilong@imu.edu.cn