Paper Information


Title ᠴᠢᠩ ᠤᠯᠤᠰ ᠤᠨ ᠦᠶ᠎ᠡ ᠳᠡᠬᠢ ᠦᠪᠦᠷ ᠮᠤᠩᠭ᠋ᠤᠯ ᠤᠨ ᠵᠡᠭᠦᠨ ᠭᠤᠷᠪᠠᠨ ᠴᠢᠭᠤᠯᠭᠠᠨ ᠤ ᠵᠠᠩᠰᠢᠯ ᠰᠤᠶᠤᠯ ᠤᠨ ᠬᠤᠪᠢᠷᠠᠯᠳᠠ ᠶᠢᠨ ᠨᠡᠢ᠌ᠭᠡᠮ ᠤᠷᠴᠢᠨ ᠤ ᠰᠢᠨᠵᠢᠯᠡᠯ — ᠵᠤᠰᠤᠳᠤ ᠶᠢᠨ ᠴᠢᠭᠤᠯᠭᠠᠨ ᠤ ᠵᠢᠱᠢᠶᠡᠨ ᠲᠡᠭᠡᠷ᠎ᠡ
Creator ᠪᠤᠤ ᠬᠤᠩ ᠮᠸᠢ
Keyword ᠦᠪᠦᠷ ᠮᠤᠩᠭ᠋ᠤᠯ ᠤᠨ ᠵᠡᠭᠦᠨ ᠭᠤᠷᠪᠠᠨ ᠴᠢᠭᠤᠯᠭᠠᠨ; ᠵᠠᠩᠰᠢᠯ ᠰᠤᠶᠤᠯ ᠤᠨ ᠬᠤᠪᠢᠷᠠᠯᠳᠠ; ᠨᠡᠢ᠌ᠭᠡᠮ ᠤᠷᠴᠢᠨ
Abstract ᠮᠤᠩᠭ᠋ᠤᠯ ᠬᠢᠳᠠᠳ ᠦᠨᠳᠦᠰᠦᠳᠡᠨ ᠬᠤᠯᠢᠯᠳᠤᠨ ᠪᠦᠬᠦᠢ ᠰᠤᠶᠤᠯ ᠠᠯᠤᠰᠯᠠᠭᠰᠠᠨ ᠪᠠᠢ᠌ᠷᠢᠰᠢᠯ ᠤᠷᠴᠢᠨ ᠪᠠ ᠲᠠᠷᠢᠶᠠᠯᠠᠬᠤ ᠮᠠᠯᠵᠢᠬᠤ ᠬᠤᠤᠰᠯᠠᠵᠤ ᠪᠦᠬᠦᠢ ᠰᠤᠶᠤᠯ ᠠᠯᠤᠰᠯᠠᠭᠰᠠᠨ ᠠᠮᠢᠳᠤᠷᠠᠬᠤᠢ ᠤᠷᠴᠢᠨ ᠬᠠᠮᠳᠤᠷᠠᠵᠤ᠂ ᠴᠢᠩ ᠤᠯᠤᠰ ᠤᠨ ᠦᠶ᠎ᠡ ᠳᠡᠬᠢ ᠦᠪᠦᠷ ᠮᠤᠩᠭ᠋ᠤᠯ ᠤᠨ ᠵᠡᠭᠦᠨ ᠭᠤᠷᠪᠠᠨ ᠴᠢᠭᠤᠯᠭᠠᠨ ᠤ ᠮᠤᠩᠭ᠋ᠤᠯᠴᠤᠳ ᠤᠨ ᠵᠠᠩᠰᠢᠯ ᠰᠤᠶᠤᠯ ᠤᠨ ᠬᠤᠪᠢᠷᠠᠯᠳᠠ ᠶᠢ ᠲᠦᠯᠬᠢᠨ ᠠᠬᠢᠭᠤᠯᠵᠠᠢ᠃ ᠡᠢ᠌ᠮᠦᠷᠬᠦᠦ ᠰᠤᠶᠤᠯ ᠠᠯᠤᠰᠯᠠᠭᠰᠠᠨ ᠨᠡᠢ᠌ᠭᠡᠮ ᠰᠤᠶᠤᠯ ᠤᠨ ᠪᠠᠢ᠌ᠳᠠᠯ ᠲᠤᠤᠷ᠎ᠠ ᠮᠤᠩᠭ᠋ᠤᠯ ᠦᠨᠳᠦᠰᠦᠳᠡᠨ ᠤ ᠵᠠᠩᠰᠢᠯ ᠰᠤᠶᠤᠯ ᠴᠤ ᠬᠢᠳᠠᠳ ᠪᠠ ᠮᠠᠨᠵᠤ ᠦᠨᠳᠦᠰᠦᠳᠡᠨ ᠤ ᠰᠤᠶᠤᠯ ᠲᠠᠢ ᠬᠦᠭ᠍ᠵᠢᠯᠳᠡ ᠶᠢᠨ ᠵᠢᠮ ᠨᠡᠢ᠌ᠯᠡᠯᠴᠡᠵᠦ᠂ ᠤᠯᠠᠨ ᠡᠰᠢᠳᠦ ᠴᠢᠨᠠᠷ ᠢ ᠪᠦᠷᠢᠯᠳᠦᠭᠦᠯᠦᠭᠰᠡᠨ ᠮᠦᠷᠳᠡᠭᠡᠨ ᠨᠡᠩ ᠴᠠᠭᠠᠰᠢᠯᠠᠨ ᠵᠠᠷᠢᠮ ᠭᠠᠵᠠᠷ ᠲᠤ 《ᠬᠢᠳᠠᠳᠴᠢᠯᠠᠬᠤ》 ᠬᠠᠨᠳᠤᠰᠢ ᠭᠠᠷᠤᠭᠰᠠᠨ ᠪᠠᠢ᠌ᠨ᠎ᠠ᠃ ᠭᠡᠪᠡᠴᠦ ᠤᠨᠴᠠᠭᠠᠢ ᠤᠷᠴᠢᠨ ᠠᠬᠤᠢ ᠳᠡᠬᠢ ᠵᠠᠩᠰᠢᠯ ᠰᠤᠶᠤᠯ ᠤᠨ ᠡᠢ᠌ᠮᠦᠷᠬᠦᠦ ᠬᠤᠪᠢᠰᠤᠯ ᠬᠠᠨᠳᠤᠰᠢ ᠪᠤᠯ ᠵᠦᠪᠬᠡᠨ ᠠᠳᠠᠯᠢ ᠪᠤᠰᠤ ᠦᠨᠳᠦᠰᠦᠳᠡᠨ ᠤ ᠰᠤᠶᠤᠯ ᠤᠨ ᠠᠭᠤᠰᠤᠯᠴᠠᠬᠤ ᠶᠠᠪᠤᠴᠠ ᠲᠤᠮᠳᠠᠬᠢ ᠬᠡᠪ ᠤᠨ ᠦᠵᠡᠭᠳᠡᠯ ᠲᠡᠳᠦᠢ ᠭᠡᠳᠡᠭ ᠢ ᠮᠤᠩᠭ᠋ᠤᠯ ᠦᠨᠳᠦᠰᠦᠳᠡᠨ  ᠤ ᠡᠷᠳᠡᠨ ᠡᠴᠡ ᠡᠳᠦᠭᠡ ᠬᠦᠷᠳᠡᠯᠡᠬᠢ ᠤᠯᠠᠮᠵᠢᠯᠠᠯᠳᠤ ᠰᠤᠶᠤᠯ ᠤᠨ ᠴᠢᠩᠭ᠋᠎ᠠ ᠰᠤᠷᠭᠤᠭ ᠠᠮᠢᠵᠢᠷᠠᠯ ᠤᠨ ᠬᠦᠴᠦᠨ ᠪᠤᠯᠤᠨ ᠨᠡᠯᠦᠭᠡᠷ ᠠᠭᠤᠳᠠᠮ ᠪᠠᠭᠳᠠᠭᠠᠮᠵᠢ ᠬᠦᠴᠦᠨ ᠬᠡᠷᠡᠴᠢᠯᠡᠵᠦ ᠪᠠᠢ᠌ᠨ᠎ᠠ᠃
Original Literature View Original Paper
出自 中国蒙古学 2013年 第5期

联系我们


内蒙古大学图书馆
呼和浩特市大学西路235号
中国·内蒙古
P: (0471) 4992561
E: huangfeilong@imu.edu.cn