Paper Information


Title ᠤᠳᠤ ᠦᠶ ᠡ ᠶᠢᠨ ᠮᠣᠩᠭᠣᠯ ᠪᠢᠴᠢᠭ᠌ ᠤᠨ ᠬᠡᠯᠡᠨ ᠦ ᠦᠬᠡ ᠪᠦᠳᠦᠭᠡᠬᠦ ᠳᠠᠭᠠᠪᠤᠷᠢ ᠶᠢ ᠠᠦ᠋ᠲ᠋ᠦᠴᠢᠯᠡᠨ ᠵᠠᠳᠠᠯᠵᠤ ᠲᠤᠳᠤᠯᠠᠬᠤ ᠰᠢᠰᠲ᠋ᠸᠮ— BUTUGEHU
Creator ᠵᠠ‍᠂ ᠢᠯᠠᠨ᠂ ᠪᠦᠷᠢᠨ
Keyword ᠤᠳᠤ ᠦᠶ ᠡ ᠶᠢᠨ ᠮᠣᠩᠭᠣᠯ ᠪᠢᠴᠢᠭ᠌ ᠤᠨ ᠬᠡᠯᠡ; ᠦᠬᠡ ᠪᠦᠳᠦᠭᠡᠬᠦ ᠳᠠᠭᠠᠪᠤᠷᠢ ; ᠠᠦ᠋ᠲ᠋ᠦᠴᠢᠯᠡᠨ ᠵᠠᠳᠠᠯᠵᠤ ᠲᠤᠳᠤᠯᠠᠬᠤ; BUTUGEHU ᠰᠢᠰᠲ᠋ᠸᠮ
Abstract ᠳᠤᠰ ᠦᠭᠦᠯᠡᠯ ᠳᠤ ᠶᠠᠭᠤᠨ ᠦ ᠡᠮᠤᠨ ᠡ᠂ ᠤᠳᠤ ᠦᠶ᠎ᠠ ᠶᠢᠨ ᠮᠣᠩᠭᠣᠯ ᠎ ᠬᠡᠯᠡᠨ ᠦ ᠦᠬᠡ ᠪᠦᠳᠦᠭᠡᠬᠦ ᠳᠠᠭᠠᠪᠤᠷᠢ ᠶᠢ ᠠᠦ᠋ᠲ᠋ᠦᠴᠢᠯᠡᠨ ᠵᠠᠳᠠᠯᠵᠤ ᠲᠤᠳᠤᠯᠠᠬᠤ ᠰᠢᠰᠲ᠋ᠸᠮ— BUTUGEHU ᠢ᠋ ᠦᠢᠯᠡᠳᠬᠦ ᠳᠤ ᠬᠢᠭᠰᠡᠨ ᠰᠠᠭᠤᠷᠢ ᠰᠤᠳᠤᠯᠭᠠᠨ ᠦ ᠤᠷᠴᠢᠨ ᠨᠦᠭᠦᠴᠡᠯ — ᠥᠪᠥᠷ ᠮᠣᠩᠭᠣᠯ ᠤᠨ ᠶᠡᠬᠡ ᠰᠣᠷᠭᠠᠭᠣᠯᠢ ᠶᠢᠨ ᠮᠣᠩᠭᠣᠯ ᠰᠤᠳᠤᠯᠤᠯ ᠤᠨ ᠳᠡᠭᠡᠲᠤ ᠰᠣᠷᠭᠠᠭᠣᠯᠢ ᠮᠣᠩᠭᠣᠯ ᠬᠡᠯᠡ ᠪᠢᠴᠢᠭ ᠰᠤᠳᠤᠯᠬᠤ ᠭᠠᠵᠠᠷ ᠡᠴᠡ ᠬᠦᠮᠦᠷᠭᠡᠯᠠᠭᠠᠳ ᠪᠠᠢ᠌ᠭ᠎ᠠ ᠨᠠᠯᠢᠶᠠᠳ ᠪᠤᠯᠪᠠᠰᠤᠷᠠᠭᠰᠠᠨ 100ᠲᠦᠮᠡᠨ ᠦᠬᠡ ᠲᠠᠢ 《ᠤᠳᠤ ᠦᠶ ᠠ ᠶᠢᠨ ᠮᠣᠩᠭᠣᠯ ᠬᠡᠯᠡᠨ ᠦ ᠳ᠋ᠸᠢ᠌ᠲ᠋ᠠ ᠬᠦᠮᠦᠷᠭᠡ》ᠪᠠ ᠵᠤᠬᠢᠶᠠᠭᠴᠢ ᠶᠢᠨ ᠳ᠋ᠤᠺᠲ᠋ᠤᠷᠠᠨᠲ ᠤᠨ ᠬᠤᠭᠤᠴᠠᠭᠠᠨ ᠳᠠᠭᠠᠨ ᠦᠬᠡ ᠳᠠᠷᠠᠭᠠᠯᠠᠨ ᠵᠠᠳᠠᠯᠤᠨ ᠬᠦᠮᠦᠷᠭᠡᠯᠡᠭᠰᠡᠨ 《ᠤᠳᠤ ᠦᠶ ᠡ ᠶᠢᠨ ᠮᠣᠩᠭᠣᠯ ᠪᠢᠴᠢᠭ᠌ ᠤᠨ ᠬᠡᠯᠡᠨ ᠦ ᠦᠬᠡ ᠪᠦᠳᠦᠭᠡᠬᠦ ᠳᠠᠭᠠᠪᠤᠷᠢ ᠶᠢᠨ ᠬᠦᠮᠦᠷᠭᠡ 》ᠳ᠋ᠤ ᠦᠨᠳᠦᠰᠦᠯᠡᠨ ACCESS ᠳᠡᠭᠡᠷ ᠡ ᠪᠠᠢ᠌ᠭᠤᠯᠤᠭᠰᠠᠨ ᠵᠢᠷᠭᠤᠭᠠᠨ ᠮᠡᠳᠡᠯᠭᠡ ᠶᠢᠨ ᠬᠦᠮᠦᠷᠭᠡ ᠶᠢᠨ ᠪᠠᠢᠳᠠᠯ ᠶᠢᠨᠨ ᠲᠤᠳᠤᠷᠬᠠᠢ᠌ᠯᠠᠨ ᠳᠠᠨᠢᠯᠴᠠᠭᠤᠯᠵᠠᠢ᠃ ᠳᠠᠷᠠᠭ᠎ᠠ ᠨᠢ᠂ BUTUGEHU ᠰᠢᠰᠲ᠋ᠸᠮ ᠤᠨ ᠠᠵᠢᠯᠯᠠᠭᠠᠨ ᠦ ᠶᠠᠪᠤᠴᠠ ᠬᠢᠭᠡᠳ ᠡᠨᠡ ᠬᠦ ᠶᠠᠪᠤᠴᠠ ᠳᠤ ᠬᠡᠷᠡᠭᠯᠡᠭᠳᠡᠬᠦ C++BUILDER ᠪᠡᠷ ᠨᠠᠢ᠌ᠷᠠᠭᠤᠯᠤᠭᠰᠠᠨ ᠲᠦᠷᠢᠮ ᠵᠠᠷᠯᠢᠭ ᠢ ᠲᠤᠰᠢᠶᠠᠵᠠᠢ᠃ ᠳᠡᠬᠢᠪᠡᠯ᠂ ᠠᠩᠬᠠᠯᠠᠨ ᠦᠢᠯᠡᠳᠦᠭᠰᠡᠨ BUTUGEHU ᠰᠢᠰᠲ᠋ᠸᠮ  ᠤᠨ ᠴᠢᠳᠠᠮᠵᠢ ᠤᠨᠴᠠᠯᠢᠭ ᠢ ᠳᠠᠪᠠᠭᠤᠯᠢᠭ ᠲᠠᠯ ᠠ᠂ ᠳᠤᠳᠠᠭᠳᠠᠯᠲᠠᠢ ᠲᠠᠯ ᠠ ᠬᠢᠭᠡᠳ ᠳᠡᠭᠦᠯᠳᠡᠷᠵᠢᠭᠦᠯᠬᠦ ᠴᠢᠭᠯᠡᠯ ᠬᠡᠭᠦ ᠭᠤᠷᠪᠠᠨ ᠲᠠᠯ ᠠ ᠡᠴᠡ ᠵᠠᠳᠠᠯᠤᠨ ᠦᠭᠦᠯᠡᠵᠡᠢ᠃
Original Literature View Original Paper
出自 内蒙古大学学报 2005年 第2期

联系我们


内蒙古大学图书馆
呼和浩特市大学西路235号
中国·内蒙古
P: (0471) 4992561
E: huangfeilong@imu.edu.cn