Paper Information


Title ᠬᠣᠷᠴᠢᠨ ᠠᠮᠠᠨ ᠠᠶᠠᠯᠭ᠋ᠤᠨ ᠳᠠᠬᠢ ᠦᠢᠯᠡ ᠶᠢᠨ -a:tγg/᠁ ᠳᠠᠭ᠋ᠠᠪᠤᠷᠢ ᠶᠢᠨ ᠲᠤᠬᠠᠢ
Creator ᠱᠤᠸᠠᠩ ᠱᠠᠨ
Keyword
Abstract ᠬᠣᠷᠴᠢᠨ ᠠᠮᠠᠨ ᠠᠶᠠᠯᠭ᠋ᠤᠨ ᠳᠤ ᠨᠢᠭᠡᠨ -a:tγg/᠁ ᠭᠡᠬᠦ ᠳᠠᠭ᠋ᠠᠪᠤᠷᠢ ᠬᠡᠷᠡᠭᠯᠡᠭᠳᠡᠵᠦ ᠪᠠᠢᠨ᠎ᠠ᠂ ᠲᠡᠷᠡ ᠨᠢ ᠦᠨᠳᠦᠰᠦᠨ ᠳᠡᠭᠡᠨ ᠬᠤᠶᠠᠷ ᠵᠤᠢᠯ ᠤᠨ ᠤᠳᠬ᠎ᠠ ᠰᠠᠨ᠋ᠠᠭ᠎ᠠ ᠶᠢ ᠢᠯᠡᠳᠭᠡᠳᠡᠭ᠃ ᠨᠢᠭᠡ ᠳᠦ ᠦᠢᠯᠡ ᠶᠢᠨ ᠬᠤᠶᠠᠳᠤᠭ᠋ᠠᠷ ᠪᠡᠶ᠎ᠡ ᠳᠦ ᠬᠦᠰᠡᠮᠵᠢᠯᠡᠬᠦ ᠲᠦᠯᠦᠪ ᠦᠨ ᠤᠳᠬ᠎ᠠ ᠶᠢ ᠭᠠᠷᠭ᠋ᠠᠨ᠎ᠠ᠃ ᠭᠡᠬᠦ ᠳᠡᠭᠡᠨ ᠭᠤᠤᠯᠳᠠᠭ᠋ᠤ ᠶᠠᠮᠠᠷ ᠨᠢᠭᠡᠨ ᠦᠢᠯᠡ ᠶᠢ ᠭᠦᠢᠴᠡᠳᠭᠡᠯᠭᠡᠬᠦ ᠲᠤᠬᠠᠢ ᠬᠤᠶᠠᠳᠤᠭ᠋ᠠᠷ ᠪᠡᠶ᠎ᠡ ᠳᠦ ᠬᠦᠰᠡᠨ ᠭᠤᠶᠤᠬᠤ ᠦᠶ᠎ᠡ ᠳᠦ ᠯᠡ ᠬᠡᠷᠡᠭᠯᠡᠳᠡᠭ ᠢᠶᠡᠷ ᠢᠶᠡᠨ ᠪᠢᠴᠢᠭ ᠦᠨ ᠬᠡᠯᠡᠨ ᠦ ᠬᠤᠶᠠᠳᠤᠭ᠋ᠠᠷ ᠪᠡᠶ᠎ᠡ ᠳᠦ ᠵᠠᠬᠢᠷᠤᠨ ᠬᠦᠰᠡᠬᠦ ᠳᠠᠭ᠋ᠠᠪᠤᠷᠢ 《 ‍ᠭᠲᠤᠨ ‍ᠭᠲᠦᠨ᠂ ‍ᠭ᠋ᠠᠷᠠᠢ ‍ᠭᠡᠷᠡᠢ᠂ ‍ᠭ᠋ᠠᠴᠢ ‍ᠭᠡᠴᠢ》 ᠡᠴᠡ ᠢᠯᠭ᠋ᠠᠭᠳᠠᠨ᠎ᠠ᠃ ᠬᠤᠶᠠᠷ ᠲᠤ᠂ ᠦᠢᠯᠡ ᠶᠢᠨ ᠲᠡᠭᠦᠰ ᠦᠢᠯᠡᠳᠬᠦ ᠪᠠᠢᠳᠠᠯ ᠤᠨ ᠤᠳᠬ᠎ᠠ ᠶᠢ ᠢᠯᠡᠳᠭᠡᠨ᠎ᠡ᠃ ᠭᠡᠪᠡᠴᠦ ᠪᠠᠰᠠ ᠲᠤᠰ ᠳᠠᠭ᠋ᠠᠪᠤᠷᠢ ᠨᠢ ᠨᠦᠬᠦᠭᠡ ᠨᠢᠭᠡ ᠲᠡᠭᠦᠰ ᠦᠢᠯᠡᠳᠬᠦ ᠪᠠᠢᠳᠠᠯ ᠤᠨ ᠳᠠᠭ᠋ᠠᠪᠤᠷᠢ -ig (ᠴᠢᠬᠠ‍᠂ ᠴᠢᠭᠡ‍᠂ ᠴᠢ‍) ᠲᠠᠢ ᠪᠠᠨ ᠵᠦᠷᠢᠶᠡᠨ ᠲᠡᠢ ᠬᠡᠷᠡᠭᠯᠡᠭᠳᠡᠨ᠎ᠡ᠃ ᠶᠡᠷᠦᠩᠬᠡᠢ ᠳᠦᠨ᠋ᠢ ᠠᠪᠴᠤ ᠦᠵᠡᠪᠡᠯ᠂ -a:tγg/᠁ ᠨᠢ -ig  ᠢᠶᠡᠨ ᠪᠤᠳᠤᠪᠠᠯ ᠲᠡᠭᠦᠰ ᠦᠢᠯᠡᠳᠬᠦ ᠪᠠᠢᠳᠠᠯ ᠤᠨ ᠤᠳᠬ᠎ᠠ ᠨᠢ ᠰᠤᠯᠠ ᠰᠢᠭ ᠪᠠᠨ᠎ᠠ᠃ ᠡᠭᠦᠰᠦᠯ ᠭᠠᠷᠤᠯ ᠤᠨ ᠬᠤᠪᠢ ᠳᠤ ᠨᠠᠷᠢᠪᠴᠢᠯᠠᠪᠠᠯ᠂ -a:tγg/᠁ ᠨᠢ ᠤᠷᠢᠳᠴᠢᠯᠠᠬᠤ ᠨᠦᠬᠦᠴᠡᠯ ᠦᠢᠯᠡ ᠦᠭᠡ ᠶᠢᠨ 《‍ᠭ᠋ᠠᠳ᠂ ‍ᠭᠡᠳ》 ᠳᠠᠭ᠋ᠠᠪᠤᠷᠢ ᠪᠠ ᠲᠤᠰᠠᠯᠠᠬᠤ ᠦᠢᠯᠡ ᠦᠭᠡ 《ᠦᠭ》 ᠦᠨ ᠨᠡᠢᠯᠡᠭ ᠬᠡᠯᠪᠡᠷᠢ ᠡᠴᠡ ᠤᠯᠠᠷᠢᠵᠤ ᠢᠷᠡᠭᠰᠡᠨ ᠪᠤᠯᠤᠯᠲᠠᠢ᠃ ᠭᠡᠪᠡᠴᠦ ᠪᠦᠷᠢᠮᠦᠰᠦᠨ ᠳᠠᠭ᠋ᠠᠪᠤᠷᠢᠵᠢᠭᠰᠠᠨ -a:tγg/᠁ ᠨᠢ ᠬᠦᠭᠵᠢᠯ ᠦᠨ ᠶᠠᠪᠤᠴᠠ ᠳᠠᠭ᠋ᠠᠨ ᠤᠳᠬ᠎ᠠ ᠶᠢᠨ ᠲᠠᠯ᠎ᠠ ᠪᠠᠷ ᠲᠤᠩ ᠬᠡᠢᠰᠪᠦᠷᠢᠵᠢᠵᠦ ᠵᠠᠳᠠᠯᠤᠭ ᠬᠡᠯᠪᠡᠷᠢ ‍ᠭ᠋ᠠᠳ ‍ᠭᠡᠳ + ᠦᠭ ᠡᠴᠡ ᠪᠡᠨ ᠶᠡᠬᠡᠬᠡᠨ ᠢᠯᠭ᠋ᠠᠭ᠎ᠠ ᠲᠠᠢ ᠬᠡᠷᠡᠭᠯᠡᠭᠳᠡᠬᠦ ᠪᠠᠢᠳᠠᠯ ᠲᠠᠢ᠃ ᠠᠶᠠᠯᠭ᠋ᠤ ᠨᠤᠭ᠋ᠤᠳ ᠤᠨ ᠬᠡᠯᠡᠨ ᠵᠦᠢ ᠶᠢᠨ ᠲᠠᠯ᠎ᠠ ᠪᠠᠷ ᠬᠢ ᠦᠪᠡᠷᠮᠢᠴᠡ ᠣᠨᠴᠠᠯᠢᠭ ᠰᠢᠨᠵᠢ ᠶᠢ ᠨᠠᠷᠢᠪᠴᠢᠯᠠᠨ ᠰᠤᠳᠤᠯᠬᠤ ᠨᠢ ᠣᠷᠴᠢᠨ ᠴᠠᠭ ᠤᠨ ᠮᠣᠩᠭᠤᠯ ᠬᠡᠯᠡᠨ ᠦ ᠬᠦᠭᠵᠢᠯ ᠦᠨ ᠵᠢᠮ᠎ᠡ ᠬᠠᠤᠯᠢ ᠶᠢᠨ ᠲᠤᠬᠠᠢ ᠰᠤᠳᠤᠯᠭ᠋ᠠᠨ ᠳᠤ ᠶᠡᠬᠡᠬᠡᠨ ᠠᠴᠢ ᠬᠤᠯᠪᠤᠭᠳᠠᠯ ᠲᠠᠢ ᠶᠤᠮ᠃
Original Literature No Original Paper
出自 内蒙古民族大学学报(社会科学) 1997年 第3期

联系我们


内蒙古大学图书馆
呼和浩特市大学西路235号
中国·内蒙古
P: (0471) 4992561
E: huangfeilong@imu.edu.cn