Paper Information


Title ᠳᠤᠮᠳᠠᠳᠤ ᠤᠯᠤᠰ ᠤᠨ ᠣᠷᠴᠢᠨ ᠦᠶ᠎ᠡ ᠶᠢᠨ ᠤᠳᠬ᠎ᠠ ᠵᠤᠬᠢᠶᠠᠯ ᠤᠨ ᠮᠣᠩ᠋ᠭᠤᠯ ᠣᠷᠴᠢᠭᠤᠯᠭ᠎ᠠ ᠶᠢᠨ ᠰᠤᠩ᠋ᠭᠤᠯᠲᠠ ᠪᠠ ᠨᠦᠯᠦᠭᠡ ᠳᠤᠰᠬᠠᠯ
Creator ᠺᠠᠨ ᠬᠠᠢ ᠶᠢᠩ
Keyword ᠳᠤᠮᠳᠠᠳᠤ ᠤᠯᠤᠰ ᠤᠨ ᠣᠷᠴᠢᠨ ᠦᠶ᠎ᠡ ᠶᠢᠨ ᠤᠳᠬ᠎ᠠ ᠵᠤᠬᠢᠶᠠᠯ; ᠮᠣᠩ᠋ᠭᠤᠯ ᠣᠷᠴᠢᠭᠤᠯᠭ᠎ᠠ; ᠰᠤᠩ᠋ᠭᠤᠯᠲᠠ; ᠨᠦᠯᠦᠭᠡ ᠳᠤᠰᠬᠠᠯ
Abstract ᠮᠣᠩ᠋ᠭᠤᠯ ᠣᠷᠴᠢᠭᠤᠯᠭ᠎ᠠ ᠶᠢᠨ ᠤᠳᠬ᠎ᠠ ᠵᠤᠬᠢᠶᠠᠯ ᠪᠤᠯ ᠮᠣᠩ᠋ᠭᠤᠯ ᠬᠢᠲᠠᠳ ᠤᠳᠬ᠎ᠠ ᠵᠤᠬᠢᠶᠠᠯ ᠤᠨ ᠬᠠᠷᠢᠴᠠᠭ᠎ᠠ ᠶᠢ ᠰᠤᠳᠤᠯᠬᠤ ᠵᠠᠭᠤᠴᠢ ᠮᠦᠨ᠂ ᠲᠡᠷᠡ ᠨᠢ ᠮᠣᠩ᠋ᠭᠤᠯ ᠤᠳᠬ᠎ᠠ ᠵᠤᠬᠢᠶᠠᠯ ᠤᠨ ᠣᠨᠴᠠᠭᠠᠢ ᠮᠦᠷᠲᠡᠭᠡᠨ ᠴᠢᠬᠤᠯᠠ ᠨᠢᠭᠡ ᠪᠦᠷᠢᠯᠳᠦᠭᠦᠨ ᠬᠡᠰᠡᠭ ᠪᠤᠯᠤᠭᠰᠠᠨ ᠪᠠᠢ᠌ᠨ᠎ᠠ᠃ ᠣᠷᠴᠢᠭᠤᠯᠭ᠎ᠠ ᠶᠢᠨ ᠤᠳᠬ᠎ᠠ ᠵᠤᠬᠢᠶᠠᠯ ᠨᠢ ᠤᠤᠯ ᠪᠦᠲᠦᠭᠡᠯ ᠡᠴᠡ ᠲᠤᠰᠭᠠᠷᠯᠠᠭᠰᠠᠨ ᠰᠢᠨ᠎ᠡ ᠪᠦᠲᠦᠭᠡᠯ ᠪᠠᠢ᠌ᠵᠤ᠂ ᠤᠤᠯ ᠪᠦᠲᠦᠭᠡᠯ ᠡᠴᠡ ᠢᠷᠡᠯᠲᠡ ᠲᠡᠢ᠂ ᠭᠡᠪᠡᠴᠦ ᠤᠤᠯ ᠪᠦᠲᠦᠭᠡᠯ ᠪᠢᠰᠢ᠃ ᠡᠢ᠌ᠮᠦ ᠡᠴᠡ ᠣᠷᠴᠢᠭᠤᠯᠭ᠎ᠠ ᠶᠢᠨ ᠤᠳᠬ᠎ᠠ ᠵᠤᠬᠢᠶᠠᠯ ᠨᠢ ᠣᠷᠴᠢᠭᠤᠯᠤᠭᠴᠢ ᠶᠢᠨ ᠮᠡᠳᠡᠷᠡᠳᠡᠭ ᠤᠳᠬ᠎ᠠ ᠵᠤᠬᠢᠶᠠᠯ ᠤᠨ ᠳᠠᠬᠢᠨ ᠪᠦᠲᠦᠭᠡᠬᠦ ᠰᠢᠨᠵᠢ ᠴᠢᠨᠠᠷ ᠲᠠᠢ ᠪᠠᠢ᠋ᠳᠠᠭ᠃ ᠮᠣᠩ᠋ᠭᠤᠯ ᠣᠷᠴᠢᠭᠤᠯᠭ᠎ᠠ ᠶᠢᠨ ᠤᠳᠬ᠎ᠠ ᠵᠤᠬᠢᠶᠠᠯ ᠨᠢ ᠮᠣᠩ᠋ᠭᠤᠯ ᠤᠳᠬ᠎ᠠ ᠵᠤᠬᠢᠶᠠᠯ ᠤᠨ ᠤᠷᠠᠯᠢᠭ᠂ ᠦᠵᠯ ᠰᠠᠨᠠᠭ᠎ᠠ ᠳᠤ ᠠᠭᠤᠰᠤᠨ ᠰᠢᠮᠡᠳᠴᠦ᠂ ᠮᠣᠩ᠋ᠭᠤᠯ ᠵᠤᠬᠢᠶᠠᠯᠴᠢᠳ ᠤᠨ ᠵᠤᠬᠢᠶᠠᠨ ᠪᠦᠲᠦᠭᠡᠯᠭᠡ ᠳᠦ ᠵᠤᠬᠢᠬᠤ ᠨᠦᠯᠦᠭᠡ ᠳᠤᠰᠬᠠᠯ ᠦᠵᠡᠭᠦᠯᠵᠡᠢ᠃
Original Literature View Original Paper
出自 内蒙古社会科学(蒙文版) 2011年 第2期

联系我们


内蒙古大学图书馆
呼和浩特市大学西路235号
中国·内蒙古
P: (0471) 4992561
E: huangfeilong@imu.edu.cn