Paper Information


Title ᠢᠷᠭᠡᠨ ᠤᠯᠤᠰ ᠤᠨ ᠡᠬᠢᠨ ᠦ ᠦᠶ᠎ᠡ ᠶᠢᠨ ᠰᠦᠢᠶᠤᠸᠠᠨ ᠣᠷᠤᠨ ᠤ ᠲᠤᠮᠤ ᠳᠡᠭᠡᠷᠡᠮᠴᠢᠨ ᠯᠤ ᠵᠠᠨ ᠺᠦᠢ ᠶᠢᠨ ᠲᠤᠬᠠᠢ ᠦᠭᠦᠯᠡᠬᠦ ᠨᠢ
Creator ᠵᠠᠩ ᠬᠤᠸᠠ ᠸᠧᠢ; ᠰᠤᠳᠤᠪᠢᠯᠢᠭᠩ
Keyword ᠯᠤ ᠵᠠᠨ ᠺᠦᠢ; ᠰᠦᠢᠶᠤᠸᠠᠨ; ᠳᠡᠭᠡᠷᠡᠮᠴᠢᠨ; ᠴᠡᠷᠢᠭ ᠦᠨ ᠡᠷᠬᠡᠲᠡᠨ
Abstract ᠢᠷᠭᠡᠨ ᠤᠯᠤᠰ ᠤᠨ ᠡᠷᠬᠢᠨ ᠦ ᠦᠶ᠎ᠡ ᠳᠦ ᠂ ᠯᠤ ᠵᠢᠨ ᠺᠦᠢ ᠲᠡᠷᠢᠭᠦᠳᠡᠢ ᠳᠡᠭᠡᠷᠡᠮᠴᠢᠳ ᠠᠷᠤ ᠮᠣᠩᠭ᠋ᠤᠯ ᠤᠨ ᠴᠡᠷᠢᠭ ᠦᠨ ᠦᠪᠦᠷ ᠮᠣᠩᠭ᠋ᠤᠯ ᠵᠦᠭ ᠳᠠᠭᠠᠷᠢᠭᠰᠠᠨ ᠪᠠᠢ᠌ᠯᠳᠤᠭᠠᠨ᠂ ᠵᠠᠩ ᠰᠢᠶᠦ᠋ᠨ ᠦ ᠰᠡᠷᠭᠦᠭᠡᠯᠲᠡ ᠶᠢᠨ ᠬᠦᠳᠡᠯᠭᠡᠭᠡᠨ᠂ ᠬᠠᠤᠯᠢ ᠬᠠᠮᠠᠭᠠᠯᠠᠬᠤ ᠬᠦᠳᠡᠯᠭᠡᠭᠡᠨ ᠵᠢᠴᠢ ᠬᠤᠶᠠᠳᠤᠭᠠᠷ ᠤᠳᠠᠭᠠᠨ ᠤ ᡁᠢ ᠯᠢ ᠹᠸᠠᠩᠲ᠋ᠢᠶᠠᠨ ᠤ ᠴᠡᠷᠢᠭ ᠦᠨ ᠡᠷᠬᠡᠲᠡᠨ ᠦ ᠳᠠᠢ᠌ᠨ ᠵᠡᠷᠭᠡ ᠲᠡᠦᠬᠡᠨ ᠦᠢᠯᠡ ᠬᠡᠷᠡᠭ ᠲᠦ ᠤᠳᠠᠭ᠎ᠠ ᠳᠠᠷᠠᠭ᠎ᠠ ᠣᠷᠤᠯᠴᠠᠵᠠᠢ᠃ ᠯᠤ ᠵᠠᠨ ᠺᠦᠢ ᠶᠢᠨ ᠳᠡᠭᠡᠷᠡᠮᠴᠢᠳ ᠬᠠᠭᠠᠨᠲᠤ ᠣᠷᠤᠰ᠂ ᠶᠠᠫᠤᠨ ᠪᠤᠯᠤᠨ ᠲᠤᠬᠠᠢ ᠶᠢᠨ ᠦᠶ᠎ᠡ ᠶᠢᠨ ᠳᠤᠮᠳᠠᠳᠤ ᠤᠯᠤᠰ ᠤᠨ ᠡᠯ᠎ᠡ ᠪᠦᠯᠦᠭ ᠦᠨ ᠴᠡᠷᠢᠭ ᠦᠨ ᠡᠷᠬᠡᠲᠡᠨ ᠦ ᠬᠤᠭᠤᠷᠤᠨᠳᠤ ᠬᠤᠯᠬᠢᠨ᠂ ᠴᠠᠭ ᠲᠦᠷᠦ ᠶᠢᠨ ᠦᠢᠮᠡᠭᠡᠨ ᠢ ᠵᠠᠪᠰᠢᠨ ᠠᠰᠢᠭᠯᠠᠭᠴᠢᠳ ᠪᠤᠯᠵᠤ ᠶᠠᠪᠤᠭᠰᠠᠨ ᠢᠶᠠᠷ ᠢᠶᠠᠨ ᠪᠠᠰᠠ ᠨᠡᠯᠢᠶᠡᠳ ᠨᠦᠯᠦᠭᠡ ᠶᠡᠬᠡ ᠲᠡᠢ ᠵᠡᠪᠰᠡᠭᠲᠦ ᠬᠦᠴᠦᠨ ᠪᠠᠢ᠌ᠭᠰᠠᠨ ᠶᠤᠮ᠂ ᠭᠡᠪᠡᠴᠦ ᠡᠳᠡᠭᠡᠷ ᠳᠡᠭᠡᠷᠡᠮᠴᠢᠳ ᠤᠯᠤᠰ ᠲᠦᠷᠦ ᠶᠢᠨ ᠬᠠᠷᠠᠯᠲᠠ ᠪᠠᠷ ᠲᠤᠳᠤᠷᠬᠠᠢ ᠪᠤᠰᠤ ᠪᠦᠭᠡᠳ ᠵᠤᠬᠢᠶᠠᠨ ᠪᠠᠢ᠌ᠭᠤᠯᠤᠯᠲᠠ ᠪᠠᠷ ᠰᠤᠯᠠ ᠳᠤᠷᠤᠢ ᠪᠠᠢ᠋ᠭᠰᠠᠨ ᠤᠴᠢᠷ ᠠᠴᠠ ᠴᠡᠷᠢᠭ ᠦᠨ ᠡᠷᠬᠡᠲᠡᠨ ᠦ ᠰᠠᠮᠠᠭᠤᠨ ᠳᠠᠢ᠌ᠨ ᠤ ᠦᠶ᠎ᠡ ᠶᠢᠨ ᠰᠦᠢᠶᠤᠸᠠᠨ ᠣᠷᠤᠨ ᠤ ᠨᠡᠢ᠋ᠭᠡᠮ᠂ ᠠᠵᠤ ᠠᠬᠤᠢ ᠬᠢᠭᠡᠳ ᠠᠷᠠᠳ ᠤᠨ ᠠᠮᠢᠳᠤᠷᠠᠯ ᠳᠤ ᠮᠠᠰᠢ ᠶᠡᠬᠡ ᠬᠤᠬᠢᠷᠠᠯ ᠰᠦᠢᠲᠦᠯ ᠤᠴᠠᠷᠠᠭᠤᠯᠤᠭᠰᠠᠨ ᠶᠤᠮ᠃
Original Literature No Original Paper
出自 内蒙古大学学报 2014年 第4期

联系我们


内蒙古大学图书馆
呼和浩特市大学西路235号
中国·内蒙古
P: (0471) 4992561
E: huangfeilong@imu.edu.cn