Paper Information


Title ᠮᠣᠩᠭᠤᠯ ᠮᠠᠯᠠᠭᠠᠢ ᠶᠢᠨ ᠴᠡᠭᠡᠷ ᠶᠠᠰᠤᠨ ᠤ ᠲᠣᠬᠠᠢ
Creator ᠬᠠᠰᠲᠤᠩᠭᠭᠠᠯᠠᠭ; ᠪᠠᠢ ᡁᠢ ᠹᠸᠩ
Keyword ᠮᠣᠩᠭᠤᠯ ᠮᠠᠯᠠᠭᠠᠢ; ᠴᠡᠭᠡᠷ ᠶᠣᠰᠤᠨ
Abstract ᠮᠣᠩᠭᠤᠯ ᠮᠠᠯᠠᠭᠠᠢ ᠶᠢᠨ ᠴᠡᠭᠡᠷ ᠶᠣᠰᠤᠨ ᠪᠤᠯ ᠮᠣᠩᠭᠤᠯ ᠮᠠᠯᠠᠭᠠᠢ ᠶᠢᠨ ᠶᠢᠨ ᠰᠣᠶᠣᠯ ᠤᠨ ᠴᠢᠬᠤᠯᠠ ᠪᠦᠷᠢᠯᠳᠦᠬᠦᠨ ᠪᠠᠢᠵᠤ᠂ ᠲᠠᠷᠡ ᠨᠢ ᠮᠣᠩᠭᠤᠯᠴᠤᠳ ᠤᠨ ᠮᠠᠯᠠᠭᠠᠢ ᠶᠢᠨ ᠦᠢᠯᠡᠳᠦᠯ ᠭᠡᠷᠡᠭᠴᠡᠭᠡ ᠵᠢ ᠤᠬᠠᠨ ᠲᠠᠨᠢᠵᠤ ᠭᠡᠷᠡᠭᠯᠡᠬᠦ ᠳ᠋ᠤ ᠲᠡᠦᠬᠡᠨ ᠶᠠᠪᠤᠴᠠ ᠳ᠋ᠤ ᠠᠶᠠᠨᠳᠠᠭᠠᠨ ᠪᠦᠷᠢᠯᠳᠦᠭᠰᠡᠨ ᠶᠣᠮ᠃ ᠮᠣᠩᠭᠤᠯ ᠮᠠᠯᠠᠭᠠᠢ ᠶᠢᠨ ᠴᠡᠭᠡᠷ ᠤᠳ ᠨᠢ ᠠᠳᠠᠯᠢ ᠪᠤᠰᠤ ᠠᠬᠤᠢ ᠤᠷᠴᠢᠨ ᠳ᠋ᠤ ᠦᠪᠡᠷᠮᠢᠴᠡ ᠣᠨᠴᠠᠯᠢᠭ ᠲᠠᠢ ᠪᠡᠷ ᠭᠡᠷᠡᠭᠯᠡᠭᠳᠡᠳᠡᠭ᠌᠃ ᠡᠭᠦᠨ ᠳ᠋ᠤ ᠮᠠᠯᠠᠭᠠᠢ ᠵᠢ ᠵᠦᠷᠢᠬᠦᠦ ᠤᠶᠤᠬᠤ ᠵᠢ ᠴᠡᠭᠡᠷᠯᠡᠬᠦ᠂ ᠪᠤᠰᠤᠳ ᠤᠨ ᠮᠠᠯᠠᠭᠠᠢ ᠳ᠋ᠤ ᠭᠠᠷ ᠬᠦᠷᠬᠦ ᠵᠢ ᠴᠡᠭᠡᠷᠯᠡᠬᠦ᠂ᠤᠨᠠᠭᠰᠠᠨ ᠮᠠᠯᠠᠭᠠᠢ ᠵᠢ ᠠᠪᠬᠤ ᠵᠢ ᠴᠡᠭᠡᠷᠯᠡᠬᠦ᠂ ᠲᠤᠯᠤᠭᠠᠢ ᠨᠢᠴᠦᠬᠦᠨ ᠪᠠᠢᠬᠤ ᠵᠢ ᠴᠡᠭᠡᠷᠯᠡᠬᠦ᠂ ᠮᠠᠯᠠᠭᠠᠢ ᠵᠢ ᠪᠣᠰᠤᠳ ᠲᠦ ᠪᠡᠯᠡᠭᠯᠡᠬᠦ ᠵᠢ ᠴᠡᠭᠡᠷᠯᠡᠬᠦ ᠪᠠ ᠤᠷᠤᠢ ᠶᠢᠨ ᠴᠢᠮᠡᠭ ᠦᠭᠡᠢ ᠮᠠᠯᠠᠭᠠᠢ ᠡᠮᠦᠰᠬᠦ ᠵᠢ ᠴᠡᠭᠡᠷᠯᠡᠬᠦ ᠦᠢᠯᠡ ᠨᠢ ᠮᠣᠩᠭᠤᠯᠴᠤᠳ ᠤᠨ ᠤᠯᠠᠮᠵᠢᠯᠠᠯᠲᠤ ᠰᠣᠶᠣᠯ᠂ ᠣᠨᠴᠠᠭᠠᠢᠯᠠᠨ ᠤᠯᠠᠮᠵᠢᠯᠠᠯᠲᠤ ᠶᠣᠰᠤ ᠵᠠᠩᠰᠢᠯ ᠡᠴᠡ ᠰᠢᠯᠲᠠᠭᠠᠯᠠᠭᠳᠠᠭᠰᠠᠨ ᠶᠣᠮ᠃ ᠲᠡᠭᠦ ᠪᠡᠷ ᠨᠢ ᠤᠷᠲᠤ ᠬᠤᠭᠤᠴᠠᠭᠠᠨ ᠤ ᠲᠤᠰᠢ ᠮᠣᠩᠭᠤᠯᠴᠤᠳ ᠤᠨ ᠪᠤᠳᠠᠳᠤ ᠠᠮᠢᠲᠤᠷᠠᠯ ᠤᠨ ᠤᠷᠢᠨ ᠳ᠋ᠤ ᠦᠶ ᠠ ᠲᠠᠮᠵᠢᠨ ᠤᠯᠠᠮᠵᠢᠯᠠᠭᠲᠠᠵᠤ ᠬᠦᠮᠦᠰ ᠤᠨ ᠦᠢᠯᠡ ᠠᠵᠢᠯᠯᠠᠭ᠎ᠠ ᠵᠢ ᠲᠦᠷᠢᠮᠵᠢᠬᠦᠯᠵᠦ ᠢᠷᠡᠪᠡ᠃
Original Literature View Original Paper
出自 内蒙古社会科学(蒙文版) 2017年 第3期

联系我们


内蒙古大学图书馆
呼和浩特市大学西路235号
中国·内蒙古
P: (0471) 4992561
E: huangfeilong@imu.edu.cn