Title |
Eu3+ ᠬᠤᠯᠢᠭᠰᠠᠨ ᠲᠢᠲ᠋ᠠᠨ ᠬᠦᠴᠢᠯ ᠦᠨ ᠳᠠᠪᠤᠰᠤᠨ ᠤ ᠴᠡᠭᠡᠨ ᠭᠡᠷᠡᠯᠲᠦ ᠨᠤᠨᠳᠠᠭ ᠢ ᠭᠠᠷᠭᠠᠨ ᠠᠪᠬᠤ ᠬᠢᠭᠡᠳ ᠲᠡᠭᠦᠨ ᠦ ᠭᠡᠷᠡᠯ ᠭᠠᠷᠬᠤ ᠰᠢᠨᠵᠢ ᠴᠢᠨᠠᠷ |
Creator |
ᠰᠠᠢᠨ᠎ᠠ; ᠯᠤ ᠬᠠᠢ ᠳ᠋ᠦᠩ; ᠰᠠᠷᠠᠨ |
Keyword |
ᠴᠠᠭᠠᠨ ᠭᠡᠷᠡᠯᠲᠦ LED; Zn2TiO4᠄ Eu3+; ᠠᠭᠤᠰᠤᠮᠠᠯ ᠴᠠᠪᠠᠤ — ᠴᠠᠷᠴᠠᠮᠠᠯ ᠴᠠᠪᠠᠤ ᠶᠢᠨ ᠠᠷᠭ᠎ᠠ; ᠭᠡᠷᠡᠯ ᠭᠠᠷᠬᠤ ᠰᠢᠨᠵᠢ ᠴᠢᠨᠠᠷ |
Abstract |
ᠡᠲ᠋ᠠᠨᠳᠢᠤᠯ ᠪᠠᠢᠬᠤ ᠨᠦᠬᠦᠴᠡᠯ ᠳᠤᠤᠷ᠎ᠠ᠂ ᠠᠭᠤᠰᠤᠮᠠᠯ ᠴᠠᠪᠠᠤ — ᠴᠠᠷᠴᠠᠮᠠᠯ ᠴᠠᠪᠠᠤ ᠶᠢᠨ ᠠᠷᠭ᠎ᠠ ᠪᠠᠷ Eu3+ ᠬᠤᠯᠢᠭᠰᠠᠨ Zn2TiO4᠋ ᠤᠨ ᠤᠯᠠᠭᠠᠨ ᠦᠩᠭᠡᠲᠡᠢ ᠴᠡᠭᠡᠨ ᠭᠡᠷᠡᠯᠲᠦ ᠨᠤᠨᠳᠠᠭ ᠢ ᠦᠢᠯᠡᠳᠪᠡ᠃ X- ᠰᠠᠴᠤᠷᠠᠭ ᠤᠨ ᠲᠦᠭᠡᠯᠲᠡ ᠶᠢᠨ ᠵᠠᠳᠠᠯᠤᠯᠲᠠ᠂ ᠤᠯᠠᠭᠠᠨ ᠤ ᠭᠠᠳᠠᠨᠠᠬᠢ ᠭᠡᠷᠡᠯ ᠦᠨ ᠵᠢᠭᠰᠠᠯ ᠢᠶᠠᠷ ᠰᠤᠷᠢᠴᠠ ᠶᠢᠨ ᠭᠠᠳᠠᠷ ᠰᠢᠨᠵᠢ ᠶᠢ ᠬᠡᠮᠵᠢᠵᠦ᠂ ᠴᠡᠭᠡᠨ ᠭᠡᠷᠡᠯ ᠦᠨ ᠭᠡᠷᠡᠯᠳᠦᠯᠲᠡ ᠶᠢᠨ ᠬᠡᠮᠵᠢᠭᠦᠷ ᠢᠶᠡᠷ ᠰᠤᠷᠢᠴᠠ ᠶᠢᠨ ᠦᠳᠦᠭᠡᠮᠡᠯ ᠭᠡᠷᠡᠯ ᠦᠨ ᠵᠢᠭᠰᠠᠯ ᠪᠠ ᠰᠠᠴᠤᠷᠠᠯᠲᠠ ᠶᠢᠨ ᠭᠡᠷᠡᠯ ᠦᠨ ᠵᠢᠭᠰᠠᠯ ᠢ ᠬᠡᠮᠵᠢᠪᠡ᠃ ᠦᠷ᠎ᠡ ᠳ᠋ᠦᠩ ᠡᠴᠡ ᠦᠵᠡᠪᠡᠯ᠄ 700℃ ᠲᠤ ᠬᠤᠶᠠᠷ ᠴᠠᠭ ᠴᠤᠨᠤᠭᠠᠭᠠᠳ Zn2TiO4᠄ Eu3+᠋ ᠶᠢᠨ ᠴᠡᠭᠡᠨ ᠭᠡᠷᠡᠯᠲᠦ ᠨᠤᠨᠤᠳᠠᠭ ᠢ ᠣᠯᠵᠠᠢ᠃ 613nm᠋ ᠤᠨ ᠳᠤᠯᠭᠢᠶᠠᠨ ᠤ ᠤᠷᠲᠤ ᠪᠦᠬᠦᠢ ᠭᠡᠷᠡᠯ ᠦᠨ ᠳᠤᠤᠷ᠎ᠠ Zn2TiO4᠄ Eu3+ ᠨᠤᠨᠳᠠᠭ ᠤᠨ ᠦᠳᠦᠭᠡᠮᠡᠯ ᠭᠡᠷᠡᠯ ᠦᠨ ᠵᠢᠭᠰᠠᠯ ᠨᠢ ᠨᠢᠭᠡ ᠢᠵᠢ ᠬᠤᠷᠴᠠ ᠣᠷᠭᠢᠯ ᠡᠭᠦᠰᠴᠦ᠂ ᠬᠦᠬᠡ ᠭᠡᠷᠡᠯ ᠦᠨ 465nm᠋ ᠤᠨ ᠬᠡᠰᠡᠭ ᠲᠦ ᠴᠢᠩᠭ᠍᠎ᠠ ᠳᠤᠯᠭᠢᠶᠠᠨ ᠤ ᠣᠷᠭᠢᠯ ᠢᠯᠡᠷᠡᠪᠡ᠃ 465nm᠋᠋ ᠤᠨ ᠬᠦᠬᠡ ᠭᠡᠷᠡᠯ ᠦᠨ ᠦᠳᠦᠭᠡᠯᠲᠡ ᠳᠤᠤᠷ᠎ᠠ᠂ ᠭᠤᠤᠯ ᠪᠤᠯᠬᠤ ᠰᠠᠴᠤᠷᠠᠯᠲᠠ ᠶᠢᠨ ᠳᠤᠯᠭᠢᠶᠠᠨ ᠨᠢ 613nm᠋ ᠬᠡᠰᠡᠭ ᠲᠡᠬᠢ ᠴᠢᠩᠭ᠍᠎ᠠ 5Do→7F2 ᠦᠰᠦᠷᠦᠯᠲᠡ ᠪᠡ 590nm ᠬᠡᠰᠡᠭ ᠲᠡᠬᠢ ᠰᠤᠯᠠ 5Do→7F2 ᠦᠰᠦᠷᠦᠯᠲᠡ ᠪᠤᠯᠤᠨ᠎ᠠ᠃ ᠠᠳᠠᠯᠢ ᠪᠤᠰᠤ ᠳᠤᠯᠠᠭᠠᠨ ᠢᠶᠠᠷ ᠴᠤᠨᠤᠭᠠᠬᠤ ᠳᠤ 700℃ ᠦᠶᠡᠰ ᠦᠨ ᠭᠡᠷᠡᠯ ᠭᠠᠷᠬᠤ ᠬᠦᠴᠦᠯᠡᠴᠡ ᠨᠢ ᠬᠠᠮᠤᠭ ᠤᠨ ᠴᠢᠩᠭ᠍᠎ᠠ᠂ ᠲᠤᠰ ᠳᠤᠯᠠᠭᠠᠴᠠ ᠶᠢᠨ ᠦᠩᠭᠡ ᠶᠢᠨ ᠪᠠᠢᠷᠢᠰᠢᠯ ᠦᠨ ᠬᠡᠮᠵᠢᠭᠳᠡᠯ ᠨᠢ (0.6233᠂ 0.3762) ᠪᠠᠢᠵᠤ᠂ ᠪᠠᠷᠢᠮᠵᠢᠶ᠎ᠠ ᠤᠯᠠᠭᠠᠨ ᠦᠨᠭᠡ ᠶᠢᠨ ᠪᠠᠢᠷᠢᠰᠢᠯ ᠤᠨ ᠬᠡᠮᠵᠢᠭᠳᠡᠯ (0.67᠂ 0.33) ᠲᠠᠢ ᠣᠢᠷᠠᠲᠤᠨ᠎ᠠ᠃ ᠡᠨᠡ ᠨᠢ ᠨᠢᠭᠡ ᠵᠤᠢᠯ ᠤᠨ ᠨᠢᠭᠤᠭᠳᠠᠮᠠᠯ ᠬᠦᠬᠡ ᠭᠡᠷᠡᠯᠲᠦ LED ᠴᠠᠬᠢᠮ ᠤᠨ ᠭᠡᠷᠡᠯ ᠬᠤᠪᠢᠰᠤᠭᠤᠯᠬᠤ ᠤᠯᠠᠭᠠᠨ ᠭᠡᠷᠡᠯ ᠦᠨ ᠮᠠᠲ᠋ᠧᠷᠢᠶᠠᠯ ᠪᠤᠯᠵᠠᠢ᠃ |
Original Literature |
No Original Paper
|
出自 |
内蒙古师范大学学报(自然科学蒙古文版)
2014年
第4期
|