Paper Information


Title ᠤᠷᠴᠢᠭᠤᠯᠭ᠎ᠠ ᠰᠤᠳᠤᠯᠤᠯ ᠤᠷᠤᠰᠬᠠᠯ ᠪᠦᠯᠦᠭ ᠦᠨ ᠲᠤᠬᠠᠢ ᠦᠭᠦᠯᠡᠬᠦ ᠨᠢ (ᠨᠢᠭᠡ)
Creator ᠸᠧᠨ ᠢᠩ
Keyword ᠤᠷᠴᠢᠭᠤᠯᠭ᠎ᠠ ᠰᠤᠳᠤᠯᠤᠯ; ᠤᠷᠤᠰᠬᠠᠯ ᠪᠦᠯᠦᠭ; ᠪᠦᠷᠢᠯᠳᠦᠭᠰᠡᠨ ᠠᠬᠤᠢ
Abstract ᠳᠤᠮᠳᠠᠳᠤ ᠤᠯᠤᠰ ᠲᠤ ᠴᠦ ᠲᠡᠷᠡ᠂ ᠦᠷᠦᠨᠡᠳᠠᠬᠢᠨ ᠳᠤ ᠴᠦ ᠲᠡᠷᠡ᠂ ᠤᠷᠴᠢᠭᠤᠯᠭ᠎ᠠ ᠰᠤᠳᠤᠯᠤᠯ ᠨᠢ ᠪᠦᠷ ᠯᠡ ᠬᠤᠶᠠᠷ ᠰᠠᠯᠠᠭ᠎ᠠ ᠵᠠᠮ ᠢᠶᠠᠷ ᠵᠡᠷᠭᠡᠲᠡ ᠬᠦᠭ᠍ᠵᠢᠭᠰᠡᠭᠡᠷ ᠢᠷᠡᠵᠡᠢ᠄ ᠨᠢᠭᠡ ᠨᠢ ᠬᠡᠯᠡ ᠰᠢᠨᠵᠢᠯᠡᠯ ᠦᠨ ᠤᠨᠤᠯ ᠠᠷᠭ᠎ᠠ ᠳᠤ᠂ ᠨᠦᠬᠦᠭᠡ ᠨᠢ ᠤᠳᠬ᠎ᠠ ᠵᠤᠬᠢᠶᠠᠯ ᠤᠨ ᠤᠨᠤᠯ ᠠᠷᠭ᠎ᠠ ᠳᠤ ᠰᠠᠭᠤᠷᠢᠯᠠᠭᠰᠠᠨ ᠰᠤᠳᠤᠯᠤᠯ ᠪᠤᠯᠬᠤ ᠶᠤᠮ᠃ 20᠋ ᠳᠤᠭᠠᠷ ᠵᠠᠭᠤᠨ ᠤ 70᠋᠋᠋ ‍ᠭᠠᠳ ᠤᠨ ᠠᠴᠠ ᠡᠬᠢᠯᠡᠨ ᠬᠤᠯᠠᠨᠲ᠋᠂ ᠪᠧᠯᠭᠢ ᠵᠡᠷᠭᠡ ᠤᠯᠤᠰ ᠲᠤ ᠤᠷᠴᠢᠭᠤᠯᠭ᠎ᠠ ᠶᠢᠨ ᠪᠤᠢ ᠪᠤᠯᠤᠭᠰᠠᠨ ᠰᠢᠯᠲᠠᠭᠠᠨ᠂ ᠤᠷᠴᠢᠭᠤᠯᠭ᠎ᠠ ᠶᠢᠨ ᠨᠡᠶᠢᠭᠡᠮ ᠳᠦ ᠦᠵᠡᠭᠦᠯᠬᠦ ᠦᠢᠯᠡᠳᠦᠯ ᠵᠡᠷᠭᠡ ᠪᠡᠷ ᠰᠤᠳᠤᠯᠭᠠᠨ ᠤ ᠭᠤᠤᠯ ᠠᠭᠤᠯᠭ᠎ᠠ ᠪᠠᠨ ᠪᠤᠯᠭᠠᠭᠰᠠᠨ ᠰᠤᠳᠤᠯᠤᠯ ᠦᠷᠨᠢᠨ ᠬᠦᠭ᠍ᠵᠢᠵᠡᠢ᠃ ᠭᠤᠴᠢᠭᠠᠳ ᠵᠢᠯ ᠦᠨ ᠬᠦᠭ᠍ᠵᠢᠯᠲᠡ ᠪᠡᠷ ᠳᠠᠮᠵᠢᠭᠠᠳ ᠠᠮᠧᠷᠢᠺᠠ᠂ ᠡᠸᠦᠶ᠍ᠷᠦᠫᠡ ᠵᠡᠷᠭᠡ ᠤᠯᠤᠰ ᠤᠷᠤᠨ ᠳᠤ ᠭᠠᠵᠠᠷ ᠠᠪᠤᠭᠰᠠᠨ ᠢᠶᠠᠷ ᠦᠯᠦ ᠪᠠᠷᠠᠮ ᠳᠤᠮᠳᠠᠳᠤ᠂ ᠡᠨᠡᠳᠬᠡᠭ᠌ ᠵᠡᠷᠭᠡ ᠤᠯᠤᠰ ᠤᠳ ᠢ ᠴᠤ ᠨᠦᠯᠦᠭᠡᠯᠡᠨ ᠦᠩᠭᠡᠷᠡᠭᠰᠡᠨ ᠦ ᠤᠷᠴᠢᠭᠤᠯᠭ᠎ᠠ ᠰᠤᠳᠤᠯᠤᠯ ᠤᠨ ᠬᠤᠶᠠᠷ ᠰᠠᠯᠠᠭ᠎ᠠ ᠪᠤᠯᠬᠤ ᠤᠷᠴᠢᠭᠤᠯᠭ᠎ᠠ ᠶᠢᠨ ᠬᠡᠯᠡ ᠰᠢᠨᠵᠢᠯᠡᠯ ᠦᠨ ᠤᠷᠤᠰᠬᠠᠯ ᠪᠦᠯᠦᠭ ᠪᠡ ᠤᠷᠴᠢᠭᠤᠯᠭ᠎ᠠ ᠶᠢᠨ ᠤᠳᠬ᠎ᠠ ᠵᠤᠬᠢᠶᠠᠯ ᠤᠨ ᠤᠷᠤᠰᠬᠠᠯ ᠪᠦᠯᠦᠭ ᠡᠴᠡ ᠪᠦᠷ ᠤᠨᠳᠤᠤ ᠠᠷᠭ᠎ᠠ ᠤᠨᠤᠯ ᠢᠶᠠᠷ ᠬᠦᠭ᠍ᠵᠢᠵᠦ ᠤᠷᠴᠢᠭᠤᠯᠭ᠎ᠠ ᠶᠢᠨ ᠰᠤᠳᠤᠯᠤᠯ ᠤᠨ ᠬᠦᠭ᠍ᠵᠢᠯ ᠦᠨ ᠵᠢᠯᠤᠭᠤ ᠶᠢ ᠠᠳᠬᠤᠵᠤ ᠪᠠᠶᠢᠭ᠎ᠠ ᠴᠢᠬᠤᠯᠠ ᠤᠷᠤᠰᠬᠠᠯ ᠪᠦᠯᠦᠭ ᠪᠤᠯᠪᠠ᠃ ᠲᠡᠷᠡ ᠨᠢ ᠬᠡᠯᠡ ᠰᠢᠨᠵᠢᠯᠡᠯ᠂ ᠤᠳᠬ᠎ᠠ ᠵᠤᠬᠢᠶᠠᠯ ᠪᠠ ᠤᠷᠤᠰ ᠤᠨ ᠬᠡᠯᠪᠡᠷᠴᠢ ᠦᠵᠡᠯ ᠦᠨ ᠤᠨᠤᠯ ᠤᠨ ᠰᠢᠮᠡᠲᠦ ᠬᠦᠷᠦᠰᠦᠨ᠎ᠡ ᠨᠠᠬᠢᠶᠠᠯᠠᠨ ᠰᠤᠶᠤᠭᠠᠯᠠᠭᠰᠠᠨ ᠶᠤᠮ᠃
Original Literature View Original Paper
出自 中国蒙古学 2010年 第5期

联系我们


内蒙古大学图书馆
呼和浩特市大学西路235号
中国·内蒙古
P: (0471) 4992561
E: huangfeilong@imu.edu.cn