Paper Information


Title ᠬᠡᠯᠡᠨ ᠦ ᠮᠡᠳᠡᠷᠡᠮᠵᠢ ᠶᠢ ᠬᠡᠷᠬᠢᠨ ᠬᠦᠮᠦᠵᠢᠭᠦᠯᠬᠦ ᠲᠤᠬᠠᠢ ᠰᠢᠨᠵᠢᠯᠡᠨ ᠦᠭᠦᠯᠡᠬᠦ ᠨᠢ
Creator ᠮᠠᠨᠳᠤᠯ᠎ᠠ
Keyword 《ᠬᠡᠯᠡᠨ ᠦ ᠮᠡᠳᠡᠷᠡᠮᠵᠢ》; ᠪᠤᠯᠪᠠᠰᠤᠷᠠᠯ; ᠬᠡᠯᠪᠡᠷᠢᠯ; ᠶᠠᠪᠤᠴᠠ ᠠᠷᠭ᠎ᠠ ᠪᠠᠷᠢᠯ
Abstract 《ᠬᠡᠯᠡᠨ ᠦ ᠮᠡᠳᠡᠷᠡᠮᠵᠢ》᠋ ᠶᠢ ᠬᠦᠮᠦᠵᠢᠭᠦᠯᠬᠦ ᠲᠤᠬᠠᠢ ᠬᠤᠶᠠᠷ ᠮᠢᠩ᠋ᠭᠠᠨ ᠤᠨ ᠳᠤ ᠨᠡᠶᠢᠲᠡᠯᠡᠭᠰᠡᠨ ᠮᠣᠩᠭᠣᠯ ᠬᠡᠯᠡ ᠪᠢᠴᠢᠭ᠌ ᠦᠨ ᠵᠢᠭᠠᠬᠤ ᠫᠷᠤ᠍᠋ᠭ᠍ᠷᠠᠮᠪᠠ ᠬᠤᠶᠠᠷ ᠮᠢᠩ᠋ᠭ᠎ᠠ ᠲᠠᠪᠤᠨ ᠤᠨ ᠳᠤ ᠨᠡᠶᠢᠲᠡᠯᠡᠭᠰᠡᠨ ᠬᠢᠴᠢᠶᠡᠯ ᠦᠨ ᠪᠠᠷᠢᠮᠵᠢᠶ᠎ᠠ ᠳᠤ ᠴᠦᠮ ᠴᠢᠬᠤᠯᠠ ᠨᠢᠭᠡᠨ ᠠᠭᠤᠯᠭ᠎ᠠ ᠪᠤᠯᠭᠠᠨ ᠳᠤᠷᠠᠳᠴᠠᠢ᠃ ᠭᠡᠪᠡᠴᠦ ᠮᠣᠩᠭᠣᠯ ᠬᠡᠯᠡ ᠪᠢᠴᠢᠭ᠌ ᠦᠨ ᠪᠠᠭᠰᠢ ᠨᠠᠷ ᠡᠨᠡ ᠲᠤᠬᠠᠢ ᠬᠠᠷᠬᠠᠨ ᠤᠶᠢᠯᠠᠭᠠᠯᠲᠠ ᠮᠠᠭᠤᠲᠠᠢ ᠪᠠᠶᠢᠭᠰᠠᠭᠠᠷ᠃ ᠡᠨᠡ ᠪᠠᠶᠢᠳᠠᠯ ᠳᠤ ᠴᠢᠭᠯᠡᠭᠦᠯᠦᠨ ᠲᠤᠰ ᠦᠭᠦᠯᠡᠯ ᠳᠦ 《ᠬᠡᠯᠡᠨ ᠦ ᠮᠡᠳᠡᠷᠡᠮᠵᠢ》᠋ ᠶᠢᠨ ᠲᠤᠬᠠᠢ ᠡᠷᠳᠡᠮᠲᠡᠳ ᠦᠨ ᠲᠠᠶᠢᠯᠪᠤᠷᠢ ᠦᠭᠦᠯᠡᠮᠵᠢ ᠶᠢ ᠬᠤᠷᠢᠶᠠᠨ ᠳ᠋ᠦᠩᠨᠡᠵᠦ ᠰᠢᠨᠵᠢᠯᠡᠨ ᠲᠤᠳᠤᠷᠠᠭᠤᠯᠪᠠ᠃ ᠬᠢᠲᠠᠳ ᠬᠡᠯᠡ ᠪᠢᠴᠢᠭ᠌ ᠪᠡ ᠮᠣᠩᠭᠣᠯ ᠬᠡᠯᠡ ᠪᠢᠴᠢᠭ᠌ ᠦᠨ ᠵᠢᠭᠠᠨ ᠰᠤᠷᠭᠠᠯᠲᠠ ᠳᠤ 《ᠬᠡᠯᠡᠨ ᠦ ᠮᠡᠳᠡᠷᠡᠮᠵᠢ》᠋ ᠶᠢᠨ ᠬᠦᠮᠦᠵᠢᠯ ᠪᠤᠯᠪᠠᠰᠤᠷᠠᠯ ᠢ ᠬᠡᠷᠬᠢᠨ ᠬᠢᠵᠦ ᠪᠠᠶᠢᠭᠰᠠᠨ ᠪᠠ ᠶᠠᠮᠠᠷ ᠬᠢᠲᠠᠳ ᠬᠡᠯᠪᠡᠷᠢᠯ ᠤᠷᠤᠰᠢᠵᠤ ᠪᠠᠶᠢᠭᠰᠠᠨ ᠲᠤᠬᠠᠢ ᠬᠠᠷᠢᠴᠠᠭᠤᠯᠤᠨ ᠰᠤᠳᠤᠯᠤᠭᠰᠠᠨ ᠰᠠᠭᠤᠷᠢ ᠳᠡᠭᠡᠷ᠎ᠡ ᠮᠣᠩᠭᠣᠯ ᠬᠡᠯᠡ ᠪᠢᠴᠢᠭ᠌ ᠦᠨ ᠵᠢᠭᠠᠨ ᠰᠤᠷᠭᠠᠯᠲᠠ ᠳᠤ ᠠᠰᠢᠭᠯᠠᠵᠤ ᠬᠡᠷᠡᠭᠯᠡᠭᠦᠰᠢᠲᠡᠢ ᠠᠷᠭ᠎ᠠ ᠪᠠᠷᠢᠯ ᠢ ᠬᠠᠶᠢᠨ ᠰᠢᠨᠵᠢᠯᠡᠪᠡ᠃
Original Literature View Original Paper
出自 内蒙古师范大学学报 2006年 第2期

联系我们


内蒙古大学图书馆
呼和浩特市大学西路235号
中国·内蒙古
P: (0471) 4992561
E: huangfeilong@imu.edu.cn