Paper Information


Title ᠮᠣᠩᠭᠤᠯ ᠪᠠᠭᠠᠲᠤᠷ ᠤᠨ ᠲᠤᠤᠯᠢ ᠬᠢᠭᠡᠳ ᠡᠷᠲᠡᠨ ᠦ ᠮᠣᠩᠭᠤᠯᠴᠤᠳ ᠤᠨ ᠪᠠᠢᠭᠠᠯᠢ ᠰᠢᠲᠦᠯᠭᠡ
Creator ᠪᠡ‍ · ᠰᠦᠭᠡ
Keyword ᠪᠠᠭᠠᠲᠤᠷ ᠤᠨ ᠲᠤᠤᠯᠢ; ᠡᠷᠲᠡᠨ ᠦ ᠮᠣᠩᠭᠤᠯᠴᠤᠳ; ᠪᠠᠢᠭᠠᠯᠢ ᠰᠢᠲᠦᠯᠭᠡ
Abstract ᠮᠣᠩᠭᠤᠯ ᠪᠠᠭᠠᠲᠤᠷ ᠤᠨ ᠲᠤᠤᠯᠢ ᠳᠤ ᠡᠷᠲᠡᠨ ᠦ ᠮᠣᠩᠭᠤᠯᠴᠤᠳ ᠤᠨ ᠪᠠᠭᠠᠲᠤᠷᠯᠢᠭ ᠦᠵᠡᠯ ᠦᠨ ᠵᠤᠷᠢᠭ ᠰᠠᠨᠠᠭ᠎ᠠ᠂ ᠡᠬᠡ ᠣᠷᠤᠨᠴᠢ ᠦᠵᠡᠯ᠂ ᠡᠪ ᠪᠦᠯᠬᠦᠮᠳᠡᠯ ᠦᠨ ᠦᠵᠡᠯ ᠰᠡᠳᠬᠢᠯᠭᠡ ᠪᠡ ᠪᠠᠶᠠᠰᠤᠩᠭᠤᠢ ᠦᠵᠡᠯ ᠦᠨ ᠭᠡᠷᠡᠯ ᠭᠢᠯᠪᠠᠭ᠎ᠠ ᠶᠢ ᠰᠠᠴᠤᠷᠠᠭᠤᠯᠵᠤ ᠪᠠᠢᠳᠠᠭ ᠢᠶᠠᠷ ᠪᠠᠷᠠᠬᠤ ᠦᠭᠡᠢ᠂ ᠮᠣᠩᠭᠤᠯᠴᠤᠳ ᠤᠨ ᠤᠵᠠᠭᠤᠷ ᠡᠷᠲᠡᠨ ᠦ ᠪᠠᠢᠭᠠᠯᠢ ᠰᠢᠲᠦᠯᠭᠡ ᠶᠢᠨ ᠤᠬᠠᠮᠰᠠᠷ ᠰᠡᠳᠬᠢᠯᠭᠡ ᠶᠢ ᠴᠤ ᠪᠠᠶᠠᠯᠢᠭ ᠬᠠᠷᠠᠭᠤᠯᠵᠤ ᠪᠠᠢᠳᠠᠭ᠃ ᠮᠣᠩᠭᠤᠯ ᠤᠷᠠᠨ ᠵᠤᠬᠢᠶᠠᠯ ᠳᠤ ᠬᠢ ᠡᠷᠲᠡᠨ ᠦ ᠮᠣᠩᠭᠤᠯᠴᠤᠳ ᠤᠨ ᠪᠠᠢᠭᠠᠯᠢ ᠰᠢᠲᠦᠯᠭᠡ ᠶᠢᠨ ᠤᠬᠠᠮᠰᠠᠷ ᠰᠡᠳᠬᠢᠯᠭᠡ ᠶᠢ ᠮᠣᠩᠭᠤᠯ ᠪᠠᠭᠠᠲᠤᠷ ᠤᠨ ᠲᠤᠤᠯᠢ ᠶᠢᠨ ᠡᠬᠢᠯᠡᠯᠲᠡ ᠶᠢᠨ ᠮᠤᠲ᠋ᠢᠹ ᠲᠤ ᠬᠢ ᠬᠦᠮᠦᠨ ᠪᠠᠢᠭᠠᠯᠢ ᠶᠢᠨ ᠰᠢᠲᠦᠯᠴᠡᠭᠡ ᠶᠢᠨ ᠤᠤᠷ ᠤᠬᠠᠮᠰᠠᠷ᠂ ᠮᠣᠩᠭᠤᠯ ᠣᠢᠷᠠᠳ ᠤᠨ ᠲᠤᠤᠯᠢᠴᠢᠳ ᠤᠨ 《ᠠᠯᠳᠠᠢ ᠬᠠᠢᠯᠠᠬᠤ》 ᠵᠠᠩᠰᠢᠯ ᠳᠤ ᠢᠯᠡᠷᠡᠵᠦ ᠪᠠᠢᠭ᠎ᠠ ᠮᠣᠩᠭᠤᠯᠴᠤᠳ ᠤᠨ ᠪᠠᠢᠭᠠᠯᠢ ᠳᠡᠯᠡᠬᠡᠢ ᠪᠡᠨ ᠳᠡᠭᠡᠳᠦᠯᠡᠬᠦ ᠤᠤᠷ ᠤᠬᠠᠮᠰᠠᠷ᠂ ᠮᠣᠩᠭᠤᠯ ᠪᠠᠭᠠᠲᠤᠷ ᠤᠨ ᠲᠤᠤᠯᠢ ᠳᠤ ᠬᠢ ᠳᠦᠷᠪᠡᠨ ᠤᠯᠠᠷᠢᠯ ᠤᠨ ᠪᠠᠢᠭᠠᠯᠢ ᠶᠢᠨ ᠳᠦᠷᠰᠦᠯᠡᠯ ᠤᠶᠠᠩᠭᠠᠯᠠᠯ ᠨᠢ ᠪᠠᠳᠤᠲᠠᠢ ᠭᠡᠷᠡᠴᠢᠯᠡᠵᠦ ᠪᠠᠢᠨ᠎ᠠ᠃
Original Literature No Original Paper
出自 内蒙古民族大学学报(社会科学) 2014年 第3期

联系我们


内蒙古大学图书馆
呼和浩特市大学西路235号
中国·内蒙古
P: (0471) 4992561
E: huangfeilong@imu.edu.cn