Paper Information


Title ᠮᠣᠩ᠋ᠭᠤᠯ ᠯᠠᠮᠠ ᠡᠷᠳᠡᠮᠲᠡᠳ ᠦᠨ ᠵᠤᠬᠢᠰᠲᠤ ᠠᠶᠠᠯᠭᠤ ᠪᠤᠯᠤᠨ ᠪᠤᠰᠤᠳ ᠤᠬᠠᠭᠠᠨ ᠤ ᠣᠷᠤᠨ ᠤ ᠬᠤᠭᠤᠷᠤᠨᠳᠤᠬᠢ ᠬᠠᠷᠢᠴᠠᠭᠠᠨ ᠤ ᠲᠤᠬᠠᠢ ᠦᠵᠡᠯᠲᠡ
Creator ᠱᠤ ᠯᠢᠨ
Keyword ᠮᠣᠩ᠋ᠭᠤᠯ ᠯᠠᠮᠠ ᠡᠷᠳᠡᠮᠲᠡᠳ; ᠵᠤᠬᠢᠰᠲᠤ ᠠᠶᠠᠯᠭᠤ; ᠤᠬᠠᠭᠠᠨ ᠤ ᠣᠷᠤᠨ; ᠬᠠᠷᠢᠴᠠᠭ᠎ᠠ; ᠦᠵᠡᠯᠲᠡ
Abstract ᠵᠤᠬᠢᠰᠲᠤ ᠠᠶᠠᠯᠭᠤ ᠪᠤᠯᠤᠨ ᠪᠤᠰᠤᠳ ᠤᠬᠠᠭᠠᠨ ᠤ ᠣᠷᠤᠨ ᠤ ᠬᠠᠷᠢᠴᠠᠭ᠎ᠠ ᠪᠤᠯ ᠳᠠᠷᠤᠢ ᠤᠳᠬ᠎ᠠ ᠵᠤᠬᠢᠶᠠᠯ ᠪᠤᠯᠤᠨ ᠪᠤᠰᠤᠳ ᠰᠢᠨᠵᠢᠯᠡᠬᠦ ᠤᠬᠠᠭᠠᠨ ᠤ ᠬᠤᠭᠤᠷᠤᠨᠳᠤᠬᠢ ᠬᠠᠷᠢᠴᠠᠭ᠎ᠠ ᠮᠦᠨ᠃ ᠮᠣᠩ᠋ᠭᠤᠯ ᠯᠠᠮᠠ ᠡᠷᠳᠡᠮᠲᠡᠳ ᠡᠴᠡ 《ᠵᠤᠬᠢᠰᠲᠤ ᠠᠶᠠᠯᠭᠤ ᠶᠢᠨ ᠲᠤᠯᠢ》᠋ ᠶᠢ ᠨᠢᠭᠡᠨ ᠵᠤᠢ᠌ᠯ ᠤᠨ ᠲᠤᠰᠠᠭᠠᠷ ᠰᠢᠨᠵᠢᠯᠡᠬᠦ ᠤᠬᠠᠭᠠᠨ ᠪᠤᠯᠭᠠᠨ ᠰᠤᠳᠤᠯᠵᠤ ᠰᠢᠨᠵᠢᠯᠡᠬᠦ ᠳᠡᠭᠡᠨ ᠪᠠᠰᠠ ᠪᠦᠬᠦ ᠶᠡᠬᠡ ᠪᠠᠭ᠎ᠠ ᠠᠷᠪᠠᠨ ᠤᠬᠠᠭᠠᠨ ᠤ ᠳᠤᠮᠳᠠ ᠲᠠᠯᠪᠢᠨ ᠰᠢᠨᠵᠢᠯᠡᠭᠰᠡᠨ ᠪᠦᠭᠡᠳ ᠪᠤᠰᠤᠳ ᠤᠬᠠᠭᠠᠨ ᠤ ᠣᠷᠤᠨ ᠤ ᠬᠤᠭᠤᠷᠤᠨᠳᠤᠬᠢ ᠳᠤᠲᠤᠭᠠᠳᠤ ᠬᠠᠷᠢᠴᠠᠭ᠎ᠠ ᠶᠢ ᠰᠦᠪᠡᠭ᠍᠍ᠴᠢᠯᠡᠭᠰᠡᠨ ᠪᠠᠢ᠌ᠨ᠎ᠠ᠃ ᠵᠤᠬᠢᠰᠲᠤ ᠠᠶᠠᠯᠭᠤ ᠨᠢ ᠪᠤᠰᠤᠳ ᠤᠬᠠᠭᠠᠨ ᠤ ᠣᠷᠤᠨ ᠲᠠᠢ ᠵᠡᠷᠭᠡᠴᠡᠭᠰᠡᠨ ᠲᠤᠰᠠᠭᠠᠷ ᠨᠢᠭᠡᠨ ᠰᠢᠨᠵᠢᠯᠡᠬᠦ ᠤᠬᠠᠭᠠᠨ ᠪᠤᠯᠬᠤ ᠮᠦᠷᠲᠡᠭᠡᠨ ᠨᠡᠢ᠌ᠲᠡ ᠤᠬᠠᠭᠠᠨ ᠤ ᠣᠷᠤᠨ ᠳᠤᠮᠳᠠ ᠮᠠᠰᠢ ᠴᠢᠬᠤᠯᠠ ᠪᠠᠢ᠌ᠷᠢ ᠰᠠᠭᠤᠷᠢ ᠶᠢ ᠡᠵᠡᠯᠡᠬᠦ ᠨᠢᠭᠡᠨ ᠵᠤᠢ᠌ᠯ ᠤᠨ ᠰᠢᠨᠵᠢᠯᠡᠬᠦ ᠤᠬᠠᠭᠠᠨ ᠮᠦᠨ᠃ ᠲᠡᠷᠡ ᠨᠢ ᠪᠤᠰᠤᠳ ᠤᠬᠭᠠᠨ ᠤ ᠣᠷᠤᠨ ᠤ ᠨᠦᠯᠦᠭᠡ ᠶᠢ ᠬᠦᠷᠳᠡᠳᠡᠭ ᠪᠦᠭᠡᠳ ᠨᠡᠩ ᠲᠡᠭᠦᠯᠳᠡᠷᠵᠢᠵᠦ᠂ ᠰᠡᠳᠦᠪ ᠰᠠᠨᠠᠭᠠᠨ ᠤ ᠰᠤᠩ᠋ᠭᠤᠯᠲᠠ ᠦᠷᠭᠡᠨ᠂ ᠬᠡᠯᠡᠨ ᠦ ᠤᠷᠠᠯᠠᠬᠤᠢ ᠢᠷᠠᠭᠤ᠂ ᠤᠳᠬ᠎ᠠ ᠠᠭᠤᠯᠭ᠎ᠠ ᠶᠢᠨ ᠰᠠᠢ᠌ᠨ᠂ ᠭᠡᠮ ᠡᠴᠡ ᠠᠩ᠋ᠭᠢᠵᠢᠷᠠᠬᠤ᠂ ᠬᠤᠳᠠᠯᠠ ᠲᠡᠭᠦᠯᠳᠡᠷ ᠪᠤᠯᠬᠤ ᠶᠢ ᠠᠭᠢᠭᠤᠯᠳᠠᠭ ᠪᠠᠢ᠌ᠨ᠎ᠠ᠃
Original Literature View Original Paper
出自 中国蒙古学 2013年 第6期

联系我们


内蒙古大学图书馆
呼和浩特市大学西路235号
中国·内蒙古
P: (0471) 4992561
E: huangfeilong@imu.edu.cn