Paper Information


Title ᠲᠤᠮᠤ ᠬᠤᠯᠤᠭᠠᠨ᠎ᠠ ᠶᠢᠨ ᠲᠤᠷᠰᠢᠯᠲᠠ ᠶᠢᠨ ᠴᠢᠨᠠᠷ ᠲᠠᠢ ᠪᠦᠭᠡᠷᠡᠨ ᠦ ᠭᠡᠮᠲᠦᠯ ᠳᠦ ᠦᠵᠡᠭᠦᠯᠬᠦ ᠭᠤᠷᠪᠠᠨ ᠵᠤᠢ᠌ᠯ ᠤᠨ ᠮᠣᠩ᠋ᠭᠤᠯ ᠨᠠᠢ᠌ᠷᠠᠯᠭᠠᠲᠤ ᠡᠮ ᠦᠨ ᠨᠦᠯᠦᠭᠡ
Creator ᠵᠢᠨ ᠯᠢᠶᠠᠩ; ᠸᠠᠩ ᠰᠢᠦ ᠯᠠᠨ; ᠵᠠᠩ ᠬᠠᠳᠠᠨᠪᠤᠯᠠᠭ
Keyword ᠰᠦᠭᠮᠧᠯ—10; ᠨᠠᠷᠠᠨ ᠮᠠᠨᠳᠠᠯ; ᠰᠢᠷ᠎ᠠ ᠭᠠ—4᠋ ᠶᠢᠨ ᠲᠠᠩ; ᠪᠦᠭᠡᠷᠡᠨ ᠦ ᠭᠡᠮᠲᠦᠯ; ᠬᠦᠴᠢᠯᠳᠦ᠋ᠷᠦᠭᠴᠢ ᠶᠢᠨ ᠳᠤᠳᠠᠭᠳᠠᠯ; ᠲᠤᠷᠰᠢᠯᠲᠠ ᠶᠢᠨ ᠰᠤᠳᠤᠯᠭ᠎ᠠ
Abstract ᠰᠦᠭᠮᠧᠯ -10᠂ ᠨᠠᠷᠠᠨ ᠮᠠᠨᠳᠠᠯ᠂ ᠰᠢᠷ᠎ᠠ ᠭᠠ -4᠋ ᠶᠢᠨ ᠲᠠᠩ ᠵᠡᠷᠭᠡ ᠭᠤᠷᠪᠠᠨ ᠵᠤᠢ᠌ᠯ ᠤᠨ ᠮᠣᠩ᠋ᠭᠤᠯ ᠡᠮ ᠢ ᠬᠠᠪᠰᠤᠷᠤᠭᠤᠯᠤᠨ ᠬᠡᠷᠡᠭᠯᠡᠬᠦ ᠠᠷᠭ᠎ᠠ ᠶᠢᠨ ᠲᠤᠷᠰᠢᠯᠲᠠ ᠶᠢᠨ ᠴᠢᠨᠠᠷ ᠲᠠᠢ ᠪᠦᠭᠡᠷᠡᠨ ᠭᠡᠮᠲᠦᠯ ᠪᠦᠬᠦᠢ ᠲᠤᠮᠤ ᠬᠤᠯᠤᠭᠠᠨ᠎ᠠ ᠳᠤ ᠦᠵᠡᠭᠦᠯᠬᠦ ᠨᠦᠯᠦᠭᠡ ᠶᠢ ᠠᠩ᠋ᠬ᠎ᠠ ᠠᠯᠬᠤᠮ ᠣᠢ᠌ᠯᠠᠭᠠᠨ᠎ᠠ᠃ ᠠᠷᠭ᠎ᠠ ᠲᠤᠰ ᠲᠤᠰ ᠭᠯᠢᠼᠧᠷᠢᠨ ᠪᠡ ᠭᠧᠨᠲ᠋ᠠᠮᠢᠼᠢᠨ ᠢᠶᠠᠷ ᠲᠤᠮᠤ ᠬᠤᠯᠤᠭᠠᠨ᠎ᠠ ᠶᠢᠨ ᠪᠦᠭᠡᠷᠡᠨ ᠭᠡᠮᠲᠦᠯ ᠦᠨ ᠵᠠᠭᠪᠤᠷ ᠵᠤᠬᠢᠶᠠᠵᠤ᠂ ᠲᠤᠮᠤ ᠬᠤᠯᠤᠭᠠᠨ᠎ᠠ ᠶᠢᠨ ᠴᠢᠰᠨ ᠴᠠᠢ᠌ᠪᠠᠩ ᠳᠤ ᠬᠢ ᠪᠤᠯᠴᠢᠩ ᠤᠨ ᠬᠠᠭᠰᠠᠮᠠᠯ (CRE)᠂ ᠰᠢᠭᠡᠰᠦᠯᠢᠭ᠌ ᠡᠳ᠋ ᠦᠨ ᠠᠽᠤᠲ᠋ (BUN)᠂ ᠰᠢᠭᠡᠰᠦᠨ ᠳᠦ ᠬᠢ ᠦᠵᠦᠮ ᠦᠨ ᠰᠢᠬᠢᠷ (GLU) ᠪᠠ ᠤᠭᠤᠷᠠᠭ (PRO)᠋ ᠢᠶᠠᠷ ᠠᠵᠢᠭᠯᠠᠬᠤ ᠣᠷᠤᠨ ᠲᠤᠭ᠎ᠠ ᠪᠤᠯᠭᠠᠵᠤ᠂ ᠭᠤᠷᠪᠠᠨ ᠵᠤᠢ᠌ᠯ ᠤᠨ ᠮᠣᠩ᠋ᠭᠤᠯ ᠨᠠᠢ᠌ᠷᠠᠯᠠᠭᠠᠲᠤ ᠡᠮ ᠢ ᠬᠠᠪᠰᠤᠷᠤᠭᠤᠯᠤᠨ ᠬᠡᠷᠡᠭᠯᠡᠬᠦ ᠠᠷᠭ᠎ᠠ ᠶᠢᠨ ᠲᠤᠮᠤ ᠬᠤᠯᠤᠭᠠᠨ᠎ᠠ ᠶᠢᠨ ᠲᠤᠷᠰᠢᠯᠲᠠ ᠶᠢᠨ ᠴᠢᠨᠠᠷ ᠲᠠᠢ ᠪᠦᠭᠡᠷᠡᠨ ᠭᠡᠮᠲᠦᠯ ᠳᠦ ᠦᠵᠡᠭᠦᠯᠬᠦ ᠨᠦᠯᠦᠭᠡ ᠶᠢ ᠠᠵᠢᠭᠯᠠᠪᠠ᠃ ᠡᠭᠦᠨ ᠦ ᠬᠠᠮᠲᠤ᠂ ᠪᠢᠴᠢᠬᠠᠨ ᠬᠤᠯᠤᠭᠠᠨ᠎ᠠ ᠶᠢᠨ ᠬᠦᠴᠢᠯᠳᠦ᠋ᠷᠦᠭᠴᠢ ᠶᠢᠨ ᠳᠤᠳᠠᠭᠳᠠᠯ ᠢ ᠲᠡᠰᠪᠦᠷᠢᠯᠡᠬᠦ ᠲᠤᠷᠰᠢᠯᠲᠠ ᠬᠢᠵᠦ᠂ ᠪᠢᠴᠢᠬᠠᠨ ᠬᠤᠯᠭᠠᠨ᠎᠎ᠠ ᠢᠨ ᠬᠦᠴᠢᠯᠳᠦ᠋ᠷᠦᠭᠴᠢ ᠶᠢᠨ ᠳᠤᠳᠠᠭᠳᠠᠯ ᠢ ᠲᠡᠰᠪᠦᠷᠢᠯᠡᠬᠦ ᠴᠢᠳᠠᠪᠤᠷᠢ ᠶᠢ ᠨᠢ ᠠᠵᠢᠭᠯᠠᠵᠠᠢ᠃ ᠦᠷ᠎ᠡ ᠳ᠋ᠦᠩ᠄ ᠰᠦᠭᠮᠧᠯ -10 ᠵᠡᠷᠭᠡ ᠭᠤᠷᠪᠠᠨ ᠵᠤᠢ᠌ᠯ ᠤᠨ ᠮᠣᠩ᠋ᠭᠤᠯ ᠨᠠᠢ᠌ᠷᠠᠯᠭᠠᠲᠤ ᠡᠮ ᠢ ᠬᠠᠪᠰᠤᠷᠤᠭᠤᠯᠤᠨ ᠬᠡᠷᠡᠭᠯᠡᠬᠦ ᠠᠷᠭ᠎ᠠ ᠨᠢ ᠭᠯᠢᠼᠧᠷᠢᠨ ᠪᠡ ᠭᠧᠲ᠋ᠠᠮᠢᠼᠢᠨ ᠠᠴᠠ ᠪᠤᠯᠤᠭᠰᠠᠨ ᠪᠦᠭᠡᠷᠡᠨ ᠭᠡᠮᠲᠦᠯ ᠲᠡᠢ ᠲᠤᠮᠤ ᠬᠤᠯᠤᠭᠠᠨ᠎ᠠ ᠶᠢᠨ ᠴᠢᠰᠦᠨ ᠴᠠᠢ᠌ᠪᠠᠩ ᠳᠤ ᠬᠢ BUN ᠪᠡ ᠪᠦᠭᠡᠷᠡᠨ ᠦ ᠢᠯᠡᠳᠡᠮᠵᠢ ᠶᠢ ᠢᠯᠡᠳᠲᠡ ᠪᠠᠭᠤᠷᠠᠭᠤᠯᠤᠨ᠎ᠠ (P<0.01, P<0.05); ᠲᠤᠰ ᠠᠷᠭ᠎ᠠ ᠨᠢ ᠭᠯᠢᠼᠧᠷᠢᠨ ᠡᠴᠡ ᠪᠤᠯᠤᠭᠰᠠᠨ ᠪᠦᠭᠡᠷᠡᠨ ᠭᠡᠮᠲᠦᠯ ᠪᠦᠬᠦᠢ ᠲᠤᠮᠤ ᠬᠤᠯᠤᠭᠠᠨ᠎ᠠ ᠶᠢᠨ ᠰᠢᠭᠡᠰᠦᠨ ᠳᠦ ᠬᠢ GLU ᠪᠠ PRO ᠋ ᠶᠢ ᠢᠯᠡᠳᠲᠡ ᠪᠠᠭᠤᠷᠠᠭᠤᠯᠬᠤ ᠦᠢᠯᠡᠳᠦᠯ ᠲᠡᠢ (P<0.05); ᠲᠤᠰ ᠠᠷᠭ᠎ᠠ ᠨᠢ ᠪᠢᠴᠢᠬᠠᠨ ᠬᠤᠯᠤᠭᠠᠨ᠎ᠠ ᠶᠢᠨ ᠬᠦᠴᠢᠯᠳᠦ᠋ᠷᠦᠭᠴᠢ ᠳᠤᠳᠠᠭᠳᠠᠬᠤ ᠣᠷᠴᠢᠨ ᠳᠤ ᠠᠮᠢᠳᠤᠷᠠᠬᠤ ᠴᠠᠭ ᠢ ᠤᠷᠲᠤᠳᠬᠠᠨ᠎ᠠ᠃ ᠳ᠋ᠦᠩᠨᠡᠯᠲᠡ᠄ ᠰᠦᠭᠮᠧᠯ -10 ᠵᠡᠷᠭᠡ ᠭᠤᠷᠪᠠᠨ ᠵᠤᠢ᠌ᠯ ᠤᠨ ᠮᠣᠩ᠋ᠭᠤᠯ ᠨᠠᠢ᠌ᠷᠠᠯᠭᠠᠲᠤ ᠡᠮ ᠢ ᠬᠠᠪᠰᠤᠷᠤᠭᠤᠯᠤᠨ ᠬᠡᠷᠡᠭᠯᠡᠬᠦ ᠠᠷᠭ᠎ᠠ ᠨᠢ ᠲᠤᠮᠤ ᠬᠤᠯᠤᠭᠠᠨ᠎ᠠ ᠶᠢᠨ ᠲᠤᠷᠰᠢᠯᠲᠠ ᠶᠢᠨ ᠴᠢᠨᠠᠷ ᠲᠠᠢ ᠪᠦᠭᠡᠷᠡᠨ ᠭᠡᠮᠲᠦᠯ ᠢ ᠵᠤᠬᠢᠬᠤ ᠬᠡᠮᠵᠢᠶ᠎ᠡ ᠪᠡᠷ ᠬᠤᠷᠢᠭᠯᠠᠬᠤ ᠦᠢᠯᠡᠳᠦᠯ ᠲᠡᠢ ᠪᠦᠭᠡᠷᠡᠨ ᠪᠢᠴᠢᠬᠠᠨ ᠬᠤᠯᠤᠭᠠᠨ᠎ᠠ ᠶᠢᠨ ᠬᠦᠴᠢᠯᠳᠦ᠋ᠷᠦᠭᠴᠢ ᠶᠢᠨ ᠳᠤᠳᠠᠭᠳᠠᠯ ᠢ ᠲᠡᠰᠪᠦᠷᠢᠯᠡᠬᠦ ᠴᠢᠳᠠᠪᠤᠷᠢ ᠶᠢ ᠨᠢ ᠳᠡᠭᠡᠭ᠍ᠰᠢᠯᠡᠭᠦᠯᠦᠨ᠎ᠡ᠃
Original Literature View Original Paper
出自 内蒙古民族大学学报(蒙医药学) 2010年 第1期

联系我们


内蒙古大学图书馆
呼和浩特市大学西路235号
中国·内蒙古
P: (0471) 4992561
E: huangfeilong@imu.edu.cn