Paper Information


Title ᠮᠤᠩᠭ᠋ᠤᠯ ᠤᠨ ᠲᠡᠦᠬᠡᠨ ᠲᠡᠭᠡᠷᠡᠬᠢ《ᠠᠢ᠌ᠢᠯ》 ᠤᠨ ᠲᠤᠬᠠᠢ
Creator ᠮᠦᠴᠢᠷ
Keyword ᠨᠡᠭᠦᠳᠡᠯ ᠮᠠᠯ ᠠᠵᠤ ᠠᠬᠤᠢ; ᠠᠢ᠌ᠯ; ᠬᠤᠪᠢ ᠶᠢᠨ ᠦᠮᠴᠢᠯᠡᠯ
Abstract ᠮᠤᠩᠭ᠋ᠤᠯ ᠤᠨ ᠤᠳᠤᠷ ᠨᠡᠭᠦᠳᠡᠯ ᠤᠨ ᠨᠡᠢ᠌ᠭᠡᠮ ᠨᠢ ᠨᠡᠭᠦᠳᠡᠯᠯᠡᠨ ᠮᠠᠯᠵᠢᠬᠤ ᠶᠠᠪᠤᠴᠠ ᠳᠤ ᠪᠠᠶᠠᠯᠢᠭ ᠲᠤᠷᠰᠢᠯᠭ᠎ᠠ ᠶᠢ ᠰᠤᠷᠴᠤ ᠬᠤᠷᠠᠮᠳᠤᠭᠤᠯᠵᠠᠢ᠃ ᠨᠡᠢ᠌ᠭᠡᠮ ᠤᠨ ᠵᠤᠬᠢᠶᠠᠨ ᠪᠠᠢ᠌ᠭᠤᠯᠤᠯᠳᠠ ᠨᠢ ᠭᠤᠤᠯᠳᠠᠭᠤ ᠬᠦᠷᠢᠶ᠎ᠡ ᠶᠢᠨ ᠬᠡᠯᠪᠡᠷᠢ ᠪᠠ ᠠᠢ᠌ᠯ  ᠶᠢᠡᠷ ᠰᠠᠯᠤᠩᠬᠢ ᠨᠡᠭᠦᠭᠦ ᠬᠡᠯᠪᠡᠷᠢ ᠶᠢ ᠠᠪᠴᠤ ᠪᠠᠢ᠌ᠵᠠᠢ᠃ ᠡᠭᠦᠨ ᠳᠤ ᠠᠢ᠌ᠯ ᠶᠢᠡᠷ ᠰᠠᠯᠤᠩᠬᠢ ᠨᠡᠭᠦᠭᠦ ᠨᠢ ᠠᠷᠪᠠᠨ ᠭᠤᠷᠪᠠᠳᠤᠭᠠᠷ ᠵᠠᠭᠤᠨ ᠡᠴᠡ ᠨᠠᠭᠠᠰᠢ ᠨᠡᠭᠦᠳᠡᠯ ᠮᠠᠯ ᠠᠵᠤ ᠠᠬᠤᠢ ᠳᠤ ᠴᠢᠬᠤᠯᠠ ᠪᠠᠢ᠌ᠷᠢ ᠰᠠᠭᠤᠷᠢ ᠶᠢ ᠡᠵᠡᠯᠡᠵᠡᠢ᠃ ᠲᠡᠷᠡ ᠨᠢ ᠬᠤᠶᠠᠷ ᠡᠴᠡ ᠲᠡᠭᠡᠭ᠍ᠰᠢ ᠬᠡᠳᠦᠨ ᠡᠷᠦᠬᠡ ᠨᠡᠢ᠌ᠯᠡᠨ ᠨᠢᠭᠡ ᠠᠢ᠌ᠯ ᠪᠤᠯᠵᠤ ᠪᠦᠷᠢᠯᠳᠦᠵᠦ᠂ ᠲᠤᠰᠠᠭᠠᠷ ᠶᠢᠡᠨ ᠬᠤᠪᠢ ᠶᠢᠨ ᠡᠳ᠋ ᠬᠦᠷᠦᠩᠭᠡ ᠲᠠᠢ ᠪᠠᠢ᠌ᠵᠤ᠂ ᠠᠢ᠌ᠯ ᠶᠢᠡᠷ ᠰᠠᠯᠤᠩᠬᠢ ᠨᠡᠭᠦᠭᠦ ᠨᠢ ᠮᠠᠯ ᠰᠦᠷᠦᠭ ᠤᠨ ᠦᠷᠡᠵᠢᠯᠳᠡ ᠳᠤ ᠠᠰᠢᠭᠳᠠᠢ᠂ ᠭᠡᠪᠡᠴᠦ ᠲᠠᠭᠠᠷᠢᠯᠳᠠ ᠲᠤᠪᠳᠤᠯᠤᠯᠳᠠ᠂ ᠬᠤᠯᠠᠭᠠᠢ ᠲᠡᠭᠡᠷᠡᠮ ᠤᠨ ᠭᠠᠮᠰᠢᠭ ᠤᠴᠠᠷᠠᠬᠤ ᠵᠡᠷᠭᠡ ᠤᠨᠴᠠᠯᠢᠭ ᠲᠠᠢ ᠪᠦᠭᠡᠳ ᠤᠷᠤᠭ ᠲᠦᠷᠦᠯ᠂ ᠠᠬ᠎ᠠ ᠵᠠᠬ᠎ᠠ ᠶᠢᠨ ᠬᠤᠯᠪᠤᠭ᠎ᠠ ᠶᠢ ᠪᠠᠳᠤᠯᠠᠬᠤ᠂ ᠰᠠᠬᠠᠭᠠᠯᠳᠠ ᠠᠢ᠌ᠯ ᠬᠠᠷᠢᠯᠴᠠᠨ ᠲᠤᠰᠠᠯᠠᠯᠴᠠᠬᠤ᠂ ᠨᠡᠭᠦᠵᠦ ᠪᠠᠭᠤᠬᠤ ᠳᠤ ᠲᠦᠭᠦᠮ᠂ ᠵᠤᠬᠢᠬᠤ ᠴᠠᠭ ᠲᠤ ᠴᠡᠷᠢᠭ ᠤᠨ ᠵᠤᠬᠢᠶᠠᠨ ᠪᠠᠢ᠌ᠭᠤᠯᠤᠯᠳᠠ ᠶᠢᠨ ᠬᠡᠯᠪᠡᠷᠢ ᠪᠤᠯᠵᠤ ᠪᠠᠢ᠌ᠭᠰᠠᠨ ᠵᠡᠷᠭᠡ ᠲᠠᠪᠠᠭᠤᠯᠢᠭ ᠲᠠᠯ᠎ᠠ ᠲᠠᠢ᠃
Original Literature View Original Paper
出自 内蒙古民族大学学报(社会科学) 2015年 第2期

联系我们


内蒙古大学图书馆
呼和浩特市大学西路235号
中国·内蒙古
P: (0471) 4992561
E: huangfeilong@imu.edu.cn