Title |
ᠮᠣᠩᠭᠤᠯ ᠬᠡᠯᠡᠨ ᠤ ᠡᠩ ᠤᠨ ᠦᠭᠦᠯᠡᠪᠦᠷ ᠶᠢᠨ ᠦᠭᠦᠯᠡᠪᠦᠷᠢ ᠵᠦᠢ ᠶᠢᠨ ᠪᠦᠲᠦᠴᠡ ᠶᠢᠨ ᠮᠣᠳᠦᠨ ᠤ ᠬᠦᠮᠦᠷᠭᠡ ᠶᠢᠨ ᠬᠠᠮᠢᠶᠠᠷᠤᠯᠲᠠ ᠶᠢᠨ ᠫᠷᠤᠭ᠍ᠷᠠᠮ ᠤᠨ ᠪᠶᠠᠯᠡᠭᠦᠯᠦᠯᠲᠡ |
Creator |
ᠯᠢ ᠶᠦᠩ ᠴᠢᠶᠠᠩ; ᠲᠠᠪᠬᠤᠷᠪᠠᠶᠠᠷ |
Keyword |
ᠦᠭᠦᠯᠡᠪᠦᠷᠢ ᠶᠢᠨ ᠪᠦᠲᠦᠴᠡ ᠶᠢᠨ ᠮᠣᠳᠤᠨ ᠤ ᠬᠦᠮᠦᠷᠭᠡ; ᠰᠢᠯᠭᠠᠨ ᠬᠠᠷᠭᠤᠭᠤᠯᠬᠤ; ᠲᠤᠭ᠎ᠠ ᠪᠦᠷᠢᠳᠭᠡᠯ ᠬᠢᠬᠦ᠂ ᠬᠠᠮᠢᠶᠠᠷᠤᠯᠲᠠ ᠶᠢᠨ ᠫᠷᠤᠭ᠍ᠷᠠᠮ |
Abstract |
ᠮᠣᠩᠭᠤᠯ ᠬᠡᠯᠡᠨ ᠤ ᠡᠩ ᠤᠨ ᠦᠭᠦᠯᠡᠪᠦᠷᠢ ᠶᠢᠨ ᠦᠭᠦᠯᠡᠪᠦᠷᠢ ᠵᠦᠢ ᠶᠢᠨ ᠪᠦᠲᠦᠴᠡ ᠶᠢᠨ ᠮᠦᠣᠳᠨ ᠤ ᠬᠦᠮᠦᠷᠭᠡ ᠨᠢ ᠮᠣᠩᠭᠤᠯ ᠬᠡᠯᠡᠨ ᠤ ᠰᠠᠭᠤᠷᠢ ᠰᠣᠳᠤᠯᠭᠠᠨ ᠪᠠ ᠬᠡᠷᠡᠭᠯᠡᠭᠡᠨ ᠤ ᠰᠣᠳᠤᠯᠭᠠᠨ ᠳ᠋ᠤ ᠠᠰᠢᠭᠲᠠᠢ ᠲᠤᠭ᠎ᠠ ᠪᠠᠷᠢᠮᠲᠠ ᠶᠢᠨ ᠲᠠᠪᠴᠠᠩ ᠢ ᠬᠠᠩᠭᠠᠨ ᠦ᠋ᠭᠭᠦᠨᠠ᠃ ᠮᠣᠩᠭᠤᠯ ᠬᠡᠯᠡᠨ ᠤ ᠡᠩ ᠤᠨ ᠦᠭᠦᠯᠡᠪᠦᠷᠢ ᠶᠢᠨ ᠦᠭᠦᠯᠡᠪᠦᠷᠢ ᠵᠦᠢ ᠶᠢᠨ ᠪᠦᠲᠦᠴᠡ ᠶᠢᠨ ᠮᠡᠳᠦᠨ ᠤ ᠬᠦᠮᠦᠷᠭᠡ ᠵᠢ ᠤᠯᠠᠮ ᠨᠢᠭᠡ ᠠᠯᠬᠤᠮ ᠦᠷᠭᠡᠳᠭᠡᠨ ᠪᠠᠢᠭᠤᠯᠬᠤ ᠪᠠ ᠲᠤᠰ ᠬᠦᠮᠦᠷᠭᠡ ᠳ᠋ᠤ ᠲᠤᠭ᠎ᠠ ᠪᠠᠷᠢᠮᠲᠠ ᠶᠢᠨ ᠪᠦᠷᠢᠳᠭᠡᠯ ᠬᠢᠵᠦ᠂ ᠬᠡᠯᠡᠨ ᠤ ᠰᠤᠳᠤᠯᠭᠠᠨ ᠪᠠ ᠭᠡᠷᠡᠭᠯᠡᠭᠡᠨ ᠤ ᠠᠰᠢᠭᠯᠠᠯᠲᠠ ᠳ᠋ᠤ ᠵᠤᠷᠢᠭᠤᠯᠤᠨ ᠬᠠᠮᠢᠶᠠᠷᠤᠯᠲᠠ ᠶᠢᠨ ᠫᠷᠦᠭᠷᠠᠮ ᠢ ᠨᠠᠢᠷᠠᠭᠤᠯᠤᠨ ᠬᠠᠪᠰᠤᠷᠭᠠᠪᠠ᠃ ᠦᠭᠦᠯᠡᠯ ᠳ᠋ᠤ ᠭᠤᠤᠯᠳᠠᠭᠤ ᠲᠤᠰ ᠮᠣᠳᠤᠨ ᠤ ᠬᠦᠮᠦᠷᠭᠡ ᠶᠢᠨ ᠬᠠᠮᠢᠶᠠᠷᠤᠯᠲᠠ ᠶᠢᠨ ᠫᠷᠤᠭ᠍ᠷᠠᠮ ᠤᠨ ᠪᠡᠶᠡᠯᠡᠬᠦᠯᠦᠯᠲᠡ ᠵᠢ ᠲᠠᠨᠢᠯᠴᠠᠭᠯᠤᠨᠠ᠃ ᠲᠤᠰ ᠬᠠᠮᠢᠶᠠᠷᠤᠯᠲᠠ ᠶᠢᠨ ᠫᠷᠤᠭ᠍ᠷᠠᠮ ᠨᠢ ᠪᠠᠢᠢᠯ ᠤᠨ ᠭᠤᠤᠯ ᠠᠵᠢᠯᠯᠠᠭ᠎ᠠ ᠪᠠ ᠨᠠᠢᠷᠠᠭᠤᠯᠭ᠎ᠠ ᠶᠢᠨ ᠭᠤᠯ ᠴᠢᠳᠠᠮᠵᠢ ᠵᠢ ᠪᠠᠭᠲᠠᠭᠠᠭᠰᠠᠨ ᠮᠦᠷᠲᠡᠭᠡᠨ ᠮᠣᠳᠤᠨ ᠤ ᠬᠦᠮᠦᠷᠭᠡ ᠳ᠋ᠡᠬᠢ ᠦᠭᠦᠯᠡᠪᠦᠷᠢ ᠪᠠ ᠬᠡᠢᠬᠢᠴᠡ ᠵᠢ ᠪᠦᠷᠢᠯᠳᠦᠭᠦᠯᠦᠭᠰᠡᠨ ᠦᠭᠡ ᠶᠢᠨ ᠲᠤᠭ᠎ᠠ ᠵᠢ ᠪᠦᠷᠢᠳᠭᠡᠨ ᠲᠡᠮᠳᠡᠭᠯᠡᠬᠦ᠂ ᠬᠡᠯᠬᠢᠴᠡ ᠶᠢᠨ ᠪᠦᠲᠦᠴᠡ ᠪᠡᠷ ᠵᠠᠳᠠᠯᠤᠭᠰᠠᠨ ᠦᠭᠦᠯᠡᠪᠦᠷᠢ ᠶᠢᠨ ᠬᠡᠯᠪᠡᠷᠢ ᠶᠢᠨ ᠲᠠᠯ ᠠ ᠶᠢᠨ ᠠᠯᠳᠠᠭ᠎ᠠ ᠵᠢ ᠬᠠᠡᠷᠭᠤᠭᠤᠯᠬᠤ ᠲᠠᠯ ᠠ ᠪᠡᠷ ᠲᠦᠭᠦᠮ ᠦᠵᠡᠭᠦᠯᠦᠭᠰᠡᠨ ᠪᠠᠢᠨ᠎ᠠ᠃ |
Original Literature |
View Original Paper
|
出自 |
内蒙古社会科学(蒙文版)
2017年
第2期
|