Paper Information


Title ᠰᠢᠨ᠎ᠡ ᠡᠷᠢᠨ ᠦ ᠮᠣᠩ᠋ᠭᠤᠯ ᠲᠤᠭᠤᠵᠢᠰ ᠲᠡᠬᠢ ᠭᠤᠨᠢᠭᠲᠤ ᠵᠦᠴᠦᠭᠡ ᠶᠢᠨ ᠰᠢᠨᠵᠢ
Creator ᠳ᠋ᠦᠩᠶᠡᠷ
Keyword
Abstract ᠲᠤᠰ ᠦᠭᠦᠯᠡᠯ ᠳᠦ ᠂ ᠭᠤᠨᠢᠭᠲᠤ ᠵᠦᠴᠦᠭᠡ ᠶᠢᠨ ᠭᠤᠤ᠎ᠠ ᠰᠠᠢ᠌ᠬᠠᠨ ᠢ ᠤᠷᠠᠯᠠᠨ ᠢᠯᠡᠷᠡᠭᠦᠯᠦᠭᠰᠡᠨ ᠵᠤᠬᠢᠶᠠᠯ ᠪᠦᠲᠦᠭᠡᠯ ᠦᠳ ᠢ ᠵᠠᠳᠠᠯᠤᠨ ᠰᠢᠨᠵᠢᠯᠡᠬᠦ ᠪᠡᠷ ᠳᠠᠮᠵᠢᠭᠤᠯᠤᠨ ᠰᠢᠨ᠎ᠡ ᠡᠷᠢᠨ ᠦ ᠮᠣᠩ᠋ᠭᠤᠯ ᠲᠤᠭᠤᠵᠢᠰ ᠲᠠᠬᠢ ᠭᠤᠨᠢᠭᠲᠤ ᠵᠦᠴᠦᠭᠡ ᠶᠢᠨ ᠰᠢᠨᠵᠢ ᠶᠢ ᠲᠤᠰᠬᠠᠢ᠌ᠯᠠᠨ ᠬᠡᠳᠦᠨ ᠲᠠᠯ᠎ᠠ ᠪᠠᠷ ᠳ᠋ᠦᠩᠨᠡᠨ ᠦᠭᠦᠯᠡᠵᠡᠢ᠃ ᠭᠡᠬᠦ ᠳᠡᠭᠡᠨ᠂ ᠮᠣᠩ᠋ᠭᠤᠯ ᠲᠤᠭᠤᠵᠢᠰ ᠤᠨ ᠵᠤᠬᠢᠶᠠᠯᠴᠢᠳ ᠤᠨ ᠭᠤᠨᠢᠭᠲᠤ ᠵᠦᠴᠦᠭᠡ ᠶᠢᠨ ᠭᠤᠤ᠎ᠠ ᠰᠠᠢ᠌ᠬᠠᠨ ᠢ ᠤᠷᠠᠯᠢᠭ ᠤᠨ ᠬᠦᠭᠡᠭᠡᠴᠡᠯᠳᠦᠯ ᠢᠶᠡᠨ ᠪᠤᠯᠭᠠᠵᠤ ᠪᠠᠢ᠌ᠭ᠎ᠠ ᠨᠢ ᠦᠩᠭᠡᠷᠡᠭᠰᠡᠨ ᠦ ᠳᠤᠲᠠᠭᠤ ᠳᠤᠷᠭᠤᠨ ᠪᠠᠢ᠌ᠭᠰᠠᠨ ᠵᠤᠢ᠌ᠯ ᠢᠶᠠᠨ ᠨᠦᠬᠦᠨ ᠲᠡᠭᠦᠯᠳᠡᠷᠵᠢᠭᠦᠯᠵᠦ᠂ ᠠᠮᠢᠳᠤᠷᠠᠯ ᠬᠤᠷᠤ᠎ᠠ ᠶᠢᠨ ᠡᠴᠢᠨ᠎ᠡ ᠠᠭᠤᠳᠠᠯᠠᠴᠠ ᠬᠢᠭᠡᠳ ᠤᠷᠠᠨ ᠠᠬᠤᠢ ᠶᠢᠨ ᠣᠷᠴᠢᠯ ᠲᠤᠭᠲᠠᠯᠴᠠᠭ᠎ᠠ ᠶᠢ ᠵᠤᠬᠢᠴᠠᠭᠤᠯᠤᠨ ᠲᠡᠩᠴᠡᠭᠦᠯᠵᠦ᠂ ᠪᠦᠬᠦᠢ᠌ᠯᠡ ᠮᠣᠩ᠋ᠭᠤᠯ ᠤᠷᠠᠨ ᠵᠤᠬᠢᠶᠠᠯ ᠤᠨ ᠬᠦᠭ᠍ᠵᠢᠯᠲᠡ ᠳᠦ ᠠᠮᠢᠯᠠᠯ ᠤᠨ ᠬᠦᠴᠦ ᠨᠠᠮᠠᠷᠢᠯᠠᠵᠤ ᠪᠦᠬᠦᠢ ᠶᠡᠬᠡᠬᠡᠨ ᠠᠴᠢ ᠬᠤᠯᠪᠤᠭᠳᠠᠯ ᠲᠠᠢ ᠪᠤᠳᠠᠲᠤ ᠦᠵᠡᠭᠳᠡᠯ ᠬᠡᠮᠡᠨ ᠦᠵᠡᠭᠰᠡᠨ ᠪᠠᠢ᠌ᠨ᠎ᠠ᠃
Original Literature No Original Paper
出自 内蒙古大学学报 1995年 第3期

联系我们


内蒙古大学图书馆
呼和浩特市大学西路235号
中国·内蒙古
P: (0471) 4992561
E: huangfeilong@imu.edu.cn