Paper Information


Title ᠴᠢᠩᠭᠢᠰ ᠬᠠᠭᠠᠨ ᠤ 《ᠭᠡᠷ ᠦᠨ ᠦᠢᠯᠡ ᠭᠡᠷ ᠲᠤᠷ ᠬᠦ ᠨᠤᠶᠠᠯᠠᠬᠤ》 ᠲᠤᠬᠠᠢ ᠦᠵᠡᠯᠲᠡ ᠪᠡ ᠠᠷᠭ᠎ᠠ
Creator ᠬᠡ‍ · ᠮᠦᠩᠬᠡ
Keyword
Abstract ᠭᠡᠷ ᠪᠦᠯᠢ ᠪᠤᠯ ᠨᠡᠢ᠌ᠭᠡᠮ ᠦᠨ ᠪᠦᠲᠦᠴᠡ ᠶᠢᠨ ᠡᠰ ᠮᠦᠨ᠂ ᠭᠡᠷ ᠪᠦᠯᠢ ᠶᠢᠨ ᠳᠤᠲᠤᠷᠠᠬᠢ ᠵᠦᠷᠢᠴᠡᠯ ᠲᠡᠮᠡᠴᠡᠯ ᠨᠢ ᠨᠡᠢ᠌ᠭᠡᠮ ᠦᠨ ᠣᠯᠠᠨ ᠲᠠᠯ᠎ᠠ ᠶᠢᠨ ᠵᠦᠷᠢᠴᠡᠯ ᠦᠨ ᠳᠤᠰᠬᠠᠯ ᠪᠤᠯᠬᠤ ᠪᠦᠭᠡᠳ ᠲᠡᠭᠦᠨ ᠢ ᠰᠢᠢᠳᠪᠦᠷᠢᠯᠡᠬᠦ ᠶᠢᠨ ᠤᠷᠢᠳᠠᠯ ᠨᠦᠬᠦᠴᠡᠯ ᠪᠤᠯᠵᠤ ᠪᠠᠢ᠌ᠬᠤ ᠶᠤᠮ᠃ ᠴᠢᠩᠭᠢᠰ ᠬᠠᠭᠠᠨ ᠦᠢᠯᠡᠰ ᠢᠶᠡᠨ ᠴᠤᠭᠴᠠᠯᠠᠨ ᠲᠦᠷᠦ ᠪᠡᠨ ᠪᠠᠲᠤᠳᠬᠠᠬᠤ ᠪᠦᠬᠦᠢ᠌ᠯᠡ ᠲᠡᠦᠬᠡᠨ ᠶᠠᠪᠤᠴᠠ ᠳᠤ ᠭᠡᠷ ᠪᠦᠯᠢ ᠶᠢᠨ ᠦᠢᠯᠡ ᠬᠡᠷᠡᠭ ᠢ ᠬᠦᠨᠳᠦᠳᠭᠡᠨ ᠦᠵᠡᠵᠦ᠂ ᠲᠡᠭᠦᠨ ᠢ ᠲᠦᠷᠦ ᠤᠯᠤᠰ ᠢ ᠪᠠᠢ᠌ᠭᠤᠯᠬᠤ ᠪᠠ ᠵᠠᠰᠠᠬᠤ ᠶᠠᠪᠤᠳᠠᠯ ᠲᠠᠢ ᠬᠤᠯᠪᠤᠨ ᠦᠵᠡᠵᠦ᠂ ᠭᠠᠷᠳᠠᠨ ᠰᠢᠢᠳᠪᠦᠷᠢᠯᠡᠵᠦ᠂ 《ᠭᠡᠷ ᠢᠶᠡᠨ ᠨᠤᠶᠠᠯᠠᠨ ᠴᠢᠳᠠᠪᠠᠰᠤ ᠮᠦᠨ ᠤᠯᠤᠰ ᠢ ᠨᠤᠶᠠᠯᠠᠨ ᠴᠢᠳᠠᠮᠤᠢ ‍ᠶ᠎ᠠ》 ᠭᠡᠵᠦ ᠲᠤᠩ ᠲᠤᠳᠤ ᠪᠦᠭᠡᠳ ᠭᠦᠨᠵᠡᠭᠡᠢ ᠳ᠋ᠦᠩᠨᠡᠵᠡᠢ᠃ ᠲᠤᠰ ᠦᠭᠦᠯᠡᠯ ᠳᠦ ᠴᠢᠩᠭᠢᠰ ᠬᠠᠭᠠᠨ ᠤ ᠨᠢᠭᠡᠨ ᠨᠠᠰᠤᠨ ᠤ ᠲᠡᠦᠬᠡᠨ ᠶᠠᠪᠤᠴᠠ ᠳᠠᠬᠢ ᠭᠡᠷ ᠦᠨ ᠦᠢᠯᠡ ᠶᠢ ᠰᠢᠢᠳᠪᠦᠷᠢᠯᠡᠭᠰᠡᠨ ᠳᠦᠷᠪᠡᠨ ᠲᠠᠯ᠎ᠠ ᠶᠢᠨ ᠪᠤᠳᠠᠳᠠᠢ ᠵᠢᠱᠢᠶ᠎ᠡ ᠶᠢ ᠨᠠᠷᠢᠪᠴᠢᠯᠠᠨ ᠵᠠᠳᠠᠯᠵᠤ᠂ ᠲᠡᠭᠦᠨ ᠦ ᠤᠯᠤᠯᠲᠠ ᠪᠠ ᠠᠯᠳᠠᠰᠢ ᠶᠢ ᠲᠤᠳᠤᠷᠬᠠᠢ᠌ᠯᠠᠨ᠂ ᠴᠢᠩᠭᠢᠰ ᠬᠠᠭᠠᠨ ᠤ ᠭᠦᠨ ᠤᠬᠠᠭᠠᠨ ᠤ ᠦᠵᠡᠯ ᠰᠠᠨᠠᠭ᠎ᠠ ᠶᠢᠨ ᠪᠤᠳᠠᠲᠤ ᠠᠭᠤᠯᠭ᠎ᠠ ᠠᠷᠭ᠎ᠠ ᠵᠦᠢ ᠶᠢ ᠦᠨᠡᠯᠡᠨ᠂ ᠴᠢᠩᠭᠢᠰ ᠬᠠᠭᠠᠨ ᠤ ᠠᠭᠤᠤ ᠶᠡᠬᠡ ᠪᠤᠳᠤᠯᠭᠠᠲᠠᠨ ᠪᠤᠯᠤᠭᠰᠠᠨ ᠤ ᠨᠢᠭᠡᠨ ᠲᠠᠯ᠎ᠠ ᠶᠢᠨ ᠤᠴᠢᠷ ᠰᠢᠯᠲᠠᠭᠠᠨ ᠢ ᠦᠭᠦᠯᠡᠵᠡᠢ᠃
Original Literature No Original Paper
出自 内蒙古大学学报 1996年 第1期

联系我们


内蒙古大学图书馆
呼和浩特市大学西路235号
中国·内蒙古
P: (0471) 4992561
E: huangfeilong@imu.edu.cn