Paper Information


Title ᠤᠳᠬ᠎ᠠ ᠵᠤᠬᠢᠶᠠᠯ ᠤᠨ ᠬᠦᠯᠢᠶᠡᠨ ᠠᠪᠠᠬᠤᠢ ᠶᠢᠨ ᠤᠴᠢᠷ
Creator ᠪᠤ‍᠂ ᠡᠷᠳᠡᠨᠢ
Keyword ᠤᠳᠬ᠎ᠠ ᠵᠤᠬᠢᠶᠠᠯ; ᠬᠦᠯᠢᠶᠡᠨ ᠠᠪᠤᠯᠲᠠ
Abstract ᠨᠢᠭᠡ ᠵᠤᠶᠢᠯ ᠤᠨ ᠰᠤᠳᠤᠯᠭᠠᠨ ᠤ ᠤᠨᠤᠯ ᠠᠷᠭ᠎ᠠ ᠶᠢᠨ ᠪᠤᠢ ᠪᠤᠯᠬᠤ ᠨᠢ ᠵᠤᠬᠢᠬᠤ ᠨᠡᠶᠢᠭᠡᠮ ᠲᠡᠦᠬᠡ ᠶᠢᠨ ᠤᠷᠴᠢᠨ ᠪᠤᠶᠤ ᠦᠵᠡᠭᠳᠡᠯ ᠳᠦ ᠰᠠᠭᠤᠷᠢᠯᠠᠳᠠᠭ᠃ 19᠋ ᠳᠤᠭᠠᠷ ᠵᠠᠭᠤᠨ ᠤ ᠳᠠᠯᠠᠭᠠᠳ ᠤᠨ ᠤ ᠦᠶ᠎ᠡ ᠶᠢᠨ ᠦᠷᠦᠨᠡᠳᠠᠬᠢᠨ ᠳᠤ ᠤᠳᠬ᠎ᠠ ᠵᠤᠬᠢᠶᠠᠯ ᠤᠨ ᠰᠤᠳᠤᠯᠭᠠ ᠲᠦᠷ ᠵᠤᠭᠰᠤᠩᠭᠢᠷᠠᠭᠰᠠᠨ ᠪᠠᠶᠢᠳᠠᠯ ᠳᠤᠤᠷ᠎ᠠ᠂ ᠦᠭᠡᠷ᠎ᠡ ᠨᠢᠭᠡᠨ ᠵᠤᠭᠰᠤᠴᠠ ᠠᠴᠠ ᠤᠳᠬ᠎ᠠ ᠵᠤᠬᠢᠶᠠᠯ ᠢ ᠰᠤᠳᠤᠯᠬᠤ ᠬᠦᠷᠳᠡᠭᠦᠢ ᠭᠤᠤ᠎ᠠ ᠵᠦᠢ ᠶᠢᠨ ᠤᠨᠤᠯ ᠠᠷᠭ᠎ᠠ ᠬᠦᠪᠦᠷᠡᠨ ᠡᠭᠦᠰᠴᠡᠢ᠃ ᠭᠡᠬᠦ ᠳᠡᠭᠡᠨ ᠵᠤᠬᠢᠶᠠᠭᠴᠢ᠂ ᠵᠤᠬᠢᠶᠠᠯ ᠪᠦᠲᠦᠭᠡᠯ᠂ ᠠᠮᠢᠳᠤᠷᠠᠯ ᠤᠷᠴᠢᠨ ᠳᠤ ᠴᠢᠭᠯᠡᠳᠡᠭ ᠤᠤᠯ ᠤᠨ ᠤᠯᠠᠮᠵᠢᠯᠠᠯᠲᠤ ᠰᠤᠳᠤᠯᠭᠠᠨ ᠤ ᠬᠡᠯᠪᠡᠷᠢᠯ ᠢ ᠠᠭᠢᠭᠤᠯᠤᠨ᠂ ᠭᠤᠤᠯ ᠴᠢᠭ᠌ ᠢᠶᠡᠨ ᠤᠳᠬ᠎ᠠ ᠵᠤᠬᠢᠶᠠᠯ ᠤᠨ 《ᠳᠦᠷᠪᠡᠨ ᠦᠨᠳᠦᠰᠦᠨ ᠪᠦᠷᠢᠯᠳᠦᠭᠦᠨ》᠋ ᠳᠡᠬᠢ ᠤᠩᠰᠢᠭᠴᠢ ᠳᠤ ᠲᠠᠯᠪᠢᠭᠰᠠᠨ ᠪᠠᠶᠢᠨ᠎ᠠ᠃ ᠲᠤᠰ ᠦᠭᠦᠯᠡᠯ ᠳᠦ ᠬᠦᠷᠳᠡᠭᠦᠢ ᠭᠤᠤ᠎ᠠ ᠵᠦᠢ ᠶᠢᠨ ᠤᠨᠤᠯ ᠠᠷᠭ᠎ᠠ ᠶᠢᠨ ᠦᠨᠳᠦᠰᠦᠨ ᠤᠶᠢᠯᠠᠭᠠᠭᠳᠠᠬᠤᠨ ᠢ 《ᠬᠦᠯᠢᠶᠡᠨ ᠠᠪᠤᠭᠴᠢ》᠂《ᠤᠶᠢᠯᠠᠭᠠᠯᠲᠠ》ᠭᠡᠬᠦ ᠭᠤᠷᠪᠠᠨ ᠲᠠᠯ᠎ᠠ ᠪᠠᠷ ᠲᠠᠨᠢᠯᠴᠠᠭᠤᠯᠬᠤ ᠶᠢᠨ ᠬᠠᠮᠲᠤ ᠮᠣᠩᠭᠣᠯ ᠤᠷᠠᠨ ᠵᠤᠬᠢᠶᠠᠯ ᠤᠨ ᠰᠤᠳᠤᠯᠭᠠᠨ ᠳᠤ ᠵᠤᠬᠢᠴᠠᠭᠤᠯᠤᠨ ᠠᠰᠢᠭᠯᠠᠬᠤ ᠪᠤᠯᠤᠮᠵᠢ ᠶᠢ ᠳᠤᠷᠠᠳᠤᠭᠰᠠᠨ ᠪᠠᠶᠢᠨ᠎ᠠ᠃
Original Literature View Original Paper
出自 内蒙古社会科学(蒙文版) 2006年 第5期

联系我们


内蒙古大学图书馆
呼和浩特市大学西路235号
中国·内蒙古
P: (0471) 4992561
E: huangfeilong@imu.edu.cn