Title |
ᠪᠤᠶᠠᠨᠲᠤ ᠶᠢᠨ ᠵᠢᠷᠤᠭ ᠦᠭᠦᠯᠡᠭᠦᠢ ᠳᠦ ᠬᠢ ᠠᠭᠤᠯᠠ ᠤᠰᠤᠨ ᠤ ᠵᠢᠷᠤᠭ ᠤᠨ ᠰᠠᠨᠠᠭ᠎ᠠ ᠠᠬᠤᠢ ᠶᠢᠨ ᠭᠤᠤ᠎ᠠ ᠰᠠᠢ᠌ᠢᠬᠠᠨ ᠤ ᠦᠵᠡᠯᠲᠡ |
Creator |
ᠤᠤᠭᠠᠨ |
Keyword |
ᠪᠤᠶᠠᠨᠲᠤ; ᠵᠢᠷᠤᠭ ᠦᠭᠦᠯᠡᠭᠦᠢ; ᠠᠭᠤᠯᠠ ᠤᠰᠤᠨ ᠤ ᠵᠢᠷᠤᠭ; ᠰᠠᠨᠠᠭ᠎ᠠ ᠠᠬᠤᠢ; ᠭᠤᠤ᠎ᠠ ᠰᠠᠢ᠌ᠬᠠᠨ ᠤ ᠦᠵᠡᠯᠲᠡ |
Abstract |
ᠦᠭᠦᠯᠡᠯ ᠳᠦ ᠂ ᠪᠤᠶᠠᠨᠲᠤ ᠶᠢᠨ 《ᠵᠢᠷᠤᠭ ᠤᠨ ᠤᠬᠠᠭᠠᠨ ᠤ ᠣᠨᠣᠯ ᠤᠨ ᠲᠤᠬᠠᠢ ᠠᠰᠠᠭᠤᠯᠲᠠ ᠬᠠᠷᠢᠭᠤᠯᠲᠠ》 ᠬᠡᠮᠡᠬᠦ ᠵᠢᠷᠤᠭ ᠦᠭᠦᠯᠡᠭᠦᠢ ᠶᠢᠨ ᠪᠦᠲᠦᠭᠡᠯ ᠳᠦ ᠠᠭᠤᠯᠠ ᠤᠰᠤᠨ ᠤ ᠵᠢᠷᠤᠭ ᠤᠨ ᠰᠠᠨᠠᠭ᠎ᠠ ᠠᠬᠤᠢ ᠶᠢᠨ ᠭᠤᠤ᠎ᠠ ᠰᠠᠢ᠌ᠬᠠᠨ ᠤ ᠦᠵᠡᠯ ᠰᠠᠨᠠᠭ᠎ᠠ ᠨᠡᠯᠢᠶᠡᠳ ᠲᠤᠭᠤᠰᠢᠲᠠᠢ ᠨᠡᠪᠲᠡᠷᠡᠭᠰᠡᠨ ᠭᠡᠵᠦ ᠦᠵᠡᠭᠡᠳ᠂ ᠢᠯᠡ ᠳᠠᠯᠳᠠ᠂ ᠶᠤᠰᠤ ᠵᠢᠷᠦᠮ ᠬᠢᠭᠡᠳ ᠰᠠᠮᠠᠳᠢ ᠳᠤ ᠲᠤᠯᠭᠠᠭᠤᠷᠢᠯᠠᠭᠰᠠᠨ ᠰᠠᠨᠠᠭ᠎ᠠ ᠠᠬᠤᠢ ᠶᠢᠨ ᠪᠡᠯᠭᠡ ᠰᠢᠨᠵᠢ ᠶᠢᠨ ᠦᠵᠡᠯᠲᠡ; ᠰᠠᠨᠠᠭ᠎ᠠ ᠲᠤᠭᠲᠠᠭᠠᠬᠤ᠂ ᠪᠠᠢ᠌ᠷᠢ ᠲᠤᠬᠢᠷᠠᠭᠤᠯᠬᠤ᠂ ᠪᠢᠷ ᠬᠡᠷᠡᠭᠯᠡᠬᠦ᠂ ᠪᠤᠳᠤᠭ ᠰᠠᠭᠤᠯᠭᠠᠬᠤ ᠵᠡᠷᠭᠡ ᠵᠤᠬᠢᠶᠠᠨ ᠪᠦᠲᠦᠭᠡᠬᠦ ᠶᠠᠪᠤᠴᠠ᠂ ᠦᠵᠡᠮᠵᠢ ᠰᠡᠳᠬᠢᠯᠭᠡ ᠶᠢᠨ ᠠᠭᠤᠰᠤᠯᠳᠤᠯ᠂ ᠬᠡᠢ᠌ᠰᠪᠦᠷᠢ ᠪᠤᠳᠠᠲᠠᠢ ᠶᠢᠨ ᠢᠯᠡᠷᠡᠭᠦᠯᠦᠯ ᠬᠢᠭᠡᠳ 《ᠪᠤᠳᠤᠭ ᠦᠭᠡᠢ ᠪᠠᠷ ᠳᠡᠯᠡᠬᠦ ᠠᠷᠭ᠎ᠠ》 ᠵᠡᠷᠭᠡ ᠵᠤᠬᠢᠶᠠᠨ ᠪᠦᠲᠦᠭᠡᠬᠦ ᠠᠷᠭ᠎ᠠ ᠪᠠᠷᠢᠯ᠂ ᠠᠬᠤᠢ ᠶᠢᠨ ᠮᠡᠳᠡᠷᠡᠮᠵᠢ — ᠤᠷᠠᠯᠢᠭ ᠤᠨ ᠰᠡᠳᠬᠢᠮᠵᠢ — ᠭᠤᠤ᠎ᠠ ᠰᠠᠢ᠌ᠬᠠᠨ ᠤ ᠢᠯᠡᠳᠭᠡᠮᠵᠢ ᠵᠡᠷᠭᠡ ᠵᠤᠬᠢᠶᠠᠨ ᠪᠦᠲᠦᠭᠡᠬᠦ ᠵᠢᠮ᠎ᠡ ᠬᠠᠤᠯᠢ ᠶᠢ ᠰᠦᠪᠡᠭ᠍ᠴᠢᠯᠡᠭᠰᠡᠨ ᠰᠠᠨᠠᠭ᠎ᠠ ᠠᠬᠤᠢ ᠶᠢᠨ ᠡᠭᠦᠳᠦᠨ ᠤᠷᠠᠯᠠᠬᠤᠢ ᠶᠢᠨ ᠦᠵᠡᠯᠲᠡ; ᠦᠵᠡᠮᠵᠢ ᠪᠤᠳᠠᠰ ᠲᠤ ᠳᠤᠷ᠎ᠠ ᠰᠤᠨᠢᠷᠬᠠᠯ ᠡᠭᠦᠰᠬᠦ᠂ ᠤᠳᠬ᠎ᠠ ᠤᠷᠮ᠎ᠠ ᠶᠢᠨ ᠬᠡᠮᠵᠢᠶᠡᠯᠡᠰᠢ ᠦᠭᠡᠢ ᠶᠢ ᠭᠠᠢ᠌ᠬᠠᠬᠤ᠂ ᠤᠷᠠᠨ ᠰᠠᠨᠠᠭᠠᠨ ᠤ ᠶᠢᠷᠲᠢᠨᠴᠦ ᠡᠭᠦᠳᠬᠦ ᠶᠢ ᠪᠠᠭᠲᠠᠭᠠᠭᠰᠠᠨ ᠰᠠᠨᠠᠭ᠎ᠠ ᠠᠬᠤᠢ ᠶᠢᠨ ᠰᠤᠪᠢᠨ ᠠᠮᠳᠠᠷᠠᠬᠠᠬᠤᠢ ᠶᠢᠨ ᠦᠵᠡᠯᠲᠡ ᠬᠢᠭᠡᠳ ᠪᠠᠢ᠌ᠭᠠᠯᠢᠯᠢᠭ ᠠᠮᠢᠳᠤ ᠴᠤᠪᠤᠭᠤᠯᠢᠭ᠂ ᠪᠠᠢ᠌ᠭᠠᠯᠢᠯᠢᠭ᠋᠋ ᠤᠷᠠᠨ ᠭᠠᠢ᠌ᠬᠠᠮᠰᠢᠭᠲᠠᠢ ᠳᠤ ᠰᠠᠭᠤᠷᠢᠯᠠᠭᠰᠠᠨ ᠪᠠᠢ᠌ᠭᠠᠯᠢᠯᠢᠭ᠋᠋ ᠴᠤᠭ ᠰᠦᠯᠳᠡ ᠪᠦᠬᠦᠢ ᠰᠠᠨᠠᠭ᠎ᠠ ᠠᠬᠤᠢ ᠶᠢᠨ ᠬᠡᠪ ᠨᠠᠮᠪᠠ ᠶᠢᠨ ᠭᠤᠤ᠎ᠠ ᠰᠠᠢ᠌ᠬᠠᠨ ᠤ ᠦᠵᠡᠯᠲᠡ ᠵᠡᠷᠭᠡ ᠬᠠᠷᠠᠭ᠎ᠠ ᠠᠴᠠ ᠦᠭᠦᠯᠡᠪᠡ᠃ |
Original Literature |
No Original Paper
|
出自 |
内蒙古大学学报
2014年
第5期
|