Paper Information


Title ᠮᠤᠩᠭ᠋ᠤᠯ ᠡᠸᠦ᠋ᠷᠦᠫᠡ ᠡᠮᠨᠡᠯᠭᠡ ᠵᠢ ᠤᠶᠠᠯᠳᠤᠭᠤᠯᠤᠨ ᠰᠠ ᠡᠪᠡᠳᠴᠢᠨ ᠢ ᠡᠮᠨᠡᠨ ᠵᠠᠰᠠᠭᠰᠠᠨ 90 ᠵᠢᠱᠢᠶ᠎ᠡ
Creator ᠬᠦᠭ᠍ᠵᠢᠯ; ᠳ᠋ᠠᠢ ᠴᠸᠩ ᠬᠤᠩ
Keyword ᠮᠤᠩᠭ᠋ᠤᠯ ᠠᠨᠠᠭᠠᠬᠤ ᠤᠬᠠᠨᠭᠠᠨ; ᠰᠠ ᠡᠪᠡᠳᠴᠢᠨ; ᠮᠤᠩᠭ᠋ᠤᠯ ᠡᠸᠦ᠋ᠷᠦᠫᠡ ᠡᠮᠨᠡᠯᠭᠡ ᠵᠢ ᠤᠶᠠᠯᠳᠤᠭᠤᠯᠬᠤ
Abstract ᠵᠤᠷᠢᠯᠭ᠎ᠠ᠄ ᠰᠢᠰᠲ᠋ᠸᠮ ᠲᠠᠢ ᠡᠮᠴᠢᠯᠡᠭᠡᠨ ᠤ ᠠᠵᠢᠭᠯᠠᠯᠳᠠ ᠬᠢᠬᠦ ᠪᠠᠷ ᠲᠠᠮᠵᠢᠨ᠂ ᠮᠤᠩᠭ᠋ᠤᠯ ᠡᠧᠦ᠋ᠷᠦᠫᠡ ᠡᠮᠨᠡᠯᠭᠡ ᠵᠢ ᠤᠶᠠᠯᠳᠤᠭᠤᠯᠤᠨ ᠰᠠ ᠡᠪᠡᠳᠴᠢᠨ ᠢ ᠡᠮᠨᠡᠨ ᠵᠠᠰᠠᠬᠤ ᠵᠠᠮᠴᠢᠯᠡᠭᠡᠨ ᠤ ᠠᠴᠢ ᠲᠤᠰᠠ ᠳᠤ ᠦᠨᠡᠯᠡᠯᠳᠡ ᠬᠢᠨ᠎ᠡ᠃ ᠠᠷᠭ᠎ᠠ᠄ ᠲᠤᠳᠤᠷᠬᠠᠢ ᠤᠨᠤᠰᠢᠯᠠᠭᠰᠠᠨ 90 ᠵᠢᠱᠢᠶ᠎ᠡ ᠰᠠ ᠡᠪᠳᠴᠢᠨ ᠲᠠᠢ ᠡᠪᠡᠳᠴᠢᠳᠡᠨ ᠢ ᠲᠠᠰᠢᠷᠠᠮ ᠰᠠᠴᠠᠭᠤ ᠪᠡᠷ ᠲᠤᠷᠰᠢᠭᠴᠢ ᠲᠤᠭᠤᠢᠯᠠᠩ ᠪᠠ ᠬᠠᠷᠢᠴᠠᠭᠤᠯᠤᠭᠴᠢ ᠲᠤᠬ᠋ᠤᠢᠯᠠᠩ ᠳᠤ ᠲᠤᠰ ᠪᠦᠷᠢ 45 ᠵᠢᠱᠢᠶ᠎ᠡ ᠡᠪᠡᠳᠴᠢᠳᠡᠨ ᠬᠤᠪᠢᠶᠠᠵᠦ᠂ ᠲᠤᠷᠰᠢᠭᠴᠢ ᠲᠤᠬ᠋ᠤᠢᠯᠠᠩ ᠳᠤ ᠮᠤᠩᠭ᠋ᠤᠯ ᠡᠧᠦ᠋ᠷᠦᠫᠡ ᠡᠮᠨᠡᠯᠭᠡ ᠵᠢ ᠤᠶᠠᠯᠳᠤᠭᠤᠯᠤᠨ ᠡᠮᠴᠢᠯᠡᠭᠡ ᠬᠢᠵᠦ᠂ ᠬᠠᠷᠢᠴᠠᠭᠤᠯᠤᠭᠴᠢ ᠲᠤᠭᠤᠢᠯᠠᠩ ᠳᠤ ᠧᠦ᠋ᠷᠦᠫᠡ ᠡᠮᠨᠡᠯᠭᠡ ᠶᠢᠨ ᠰᠠᠭᠤᠷᠢ ᠡᠮᠴᠢᠯᠡᠭᠡ ᠬᠢᠨ᠎ᠠ᠃ ᠦᠷ᠎ᠡ ᠳ᠋ᠦᠩ᠄ 2 ᠬᠤᠭᠤᠴᠠᠭᠠᠨ ᠤ ᠰᠢᠰᠲ᠋ᠸᠮ ᠲᠠᠢ ᠡᠮᠴᠢᠯᠡᠭᠡᠨ ᠤ ᠠᠵᠢᠭᠯᠠᠯᠳᠠ ᠬᠢᠭᠰᠡᠨ ᠤ ᠲᠠᠷᠠᠭ᠎ᠠ ᠲᠤᠷᠰᠢᠭᠴᠢ ᠲᠤᠭᠤᠢᠯᠠᠩ ᠤᠨ ᠶᠡᠷᠦᠩᠬᠡᠢ ᠠᠴᠢ ᠲᠤᠰᠠ ᠶᠢᠨ ᠨᠤᠷᠮ᠎ᠠ ᠨᠢ 95.56% ᠪᠠᠢᠵᠦ᠂ ᠬᠠᠷᠢᠭᠤᠴᠠᠭᠤᠯᠤᠭᠴᠢ ᠲᠤᠭᠤᠢᠯᠠᠩ ᠤᠨ ᠶᠡᠷᠤᠩᠬᠡᠢ ᠠᠴᠢ ᠲᠤᠰᠠ ᠶᠢᠨ ᠨᠤᠷᠮ᠎ᠠ ᠨᠢ 86.67% ᠳᠤ ᠬᠦᠷᠴᠦ᠂ ᠲᠤᠭᠠᠨ ᠤ ᠤᠬᠠᠭᠠᠨ ᠤ ᠪᠦᠷᠦᠳᠭᠡᠯ ᠤᠨ ᠳ᠋ᠦᠩ ᠳᠤ ᠳᠤᠷᠰᠢᠭᠴᠢ ᠲᠤᠭᠤᠢᠯᠠᠩ ᠤᠨ ᠡᠮᠴᠢᠯᠡᠭᠡᠨ ᠤ ᠠᠴᠢ ᠲᠤᠰᠠ ᠨᠢ ᠬᠠᠷᠢᠴᠠᠭᠤᠯᠤᠭᠴᠢ ᠲᠤᠭᠤᠢᠯᠠᠩ ᠤᠨ ᠡᠮᠴᠢᠯᠡᠭᠡᠨ ᠤ ᠠᠴᠢ ᠲᠤᠰᠠ ᠡᠴᠨ ᠢᠯᠡᠳᠳᠠ ᠲᠠᠪᠠᠭᠤᠯᠢᠭ ᠪᠠᠢᠳᠠᠭ᠃ ᠳ᠋ᠦᠩᠨᠡᠯᠳᠡ᠄ ᠮᠤᠩᠭᠤᠯ ᠡᠧᠦ᠋ᠷᠦᠫᠡ ᠡᠮᠨᠡᠯᠭᠡ ᠵᠢ ᠤᠶᠠᠯᠳᠤᠭᠤᠯᠤᠨ ᠰᠠ ᠡᠪᠡᠳᠴᠢᠨ ᠢ ᠡᠮᠨᠡ ᠵᠠᠰᠠᠬᠤ ᠨᠢ ᠮᠠᠰᠢ ᠰᠠᠢᠨ ᠡᠮᠴᠢᠯᠡᠭᠡᠨ ᠤ ᠠᠴᠢ ᠲᠤᠰᠠ ᠲᠠᠢ ᠪᠠᠢᠵᠦ᠂ ᠬᠤᠢᠰᠢᠳᠡ ᠶᠢᠨ ᠪᠤᠳᠡᠳᠤ ᠡᠮᠴᠢᠯᠡᠭᠡᠨ ᠤ ᠶᠠᠪᠤᠴᠠ ᠲᠤᠮᠳᠠ ᠤᠯᠠᠮ ᠨᠢᠭᠡ ᠠᠯᠬᠤᠮ ᠰᠢᠯᠢᠳᠡᠭᠵᠢᠬᠦᠯᠦᠨ ᠲᠦᠬᠡᠮᠡᠯᠵᠢᠬᠦᠯᠬᠦ ᠪᠤᠯᠤᠨ᠎ᠠ᠃
Original Literature View Original Paper
出自 内蒙古民族大学学报(自然科学) 2016年 第1期

联系我们


内蒙古大学图书馆
呼和浩特市大学西路235号
中国·内蒙古
P: (0471) 4992561
E: huangfeilong@imu.edu.cn