Abstract |
ᠰᠡᠩᠭᠡᠷᠢᠨᠴᠢᠨ ᠪᠣᠯ ᠬᠤᠷᠴᠢᠨ ᠵᠡᠬᠦᠨ ᠭᠠᠷᠤᠨ ᠬᠤᠢᠳᠤ ᠬᠤᠰᠢᠭᠤᠨ ᠤ ᠠᠷᠪᠠᠨ ᠨᠢᠭᠡᠳᠦᠭᠡᠷ ᠦᠶ ᠠ ᠶᠢᠨ ᠸᠠᠩ ᠨᠤᠶᠠᠨ ᠮᠦᠨ᠃1840ᠣᠨ ᠤ ᠬᠠᠷ ᠠ ᠲᠠᠮᠠᠬᠢ ᠶᠢᠨ ᠲᠠᠢᠨ ᠤ ᠰᠡᠭᠦᠯᠡᠷ ᠬᠢ ᠴᠢᠩ ᠤᠯᠤᠰ ᠤᠨ ᠨᠤᠶᠠᠳ ᠲᠦᠰᠢᠮᠡᠳ ᠤᠨ ᠲᠤᠮᠳᠠ ᠨᠡᠷ ᠡ ᠠᠯᠳᠠᠷᠰᠢᠭᠰᠠᠨ ᠬᠦᠮᠦᠨ ᠶᠣᠮ᠃ᠦᠩᠭᠡᠷᠡᠭᠰᠡᠨ ᠳ᠋ᠤ ᠲᠡᠭᠦᠨ ᠤ ᠲᠣᠬᠠᠢ ᠦᠨᠡᠯᠡᠯᠲᠡ ᠨᠢ ᠤᠯᠠᠨ ᠶᠠᠩᠵᠤ ᠶᠢᠨ ᠪᠠᠢᠵᠤ᠂ ᠵᠠᠷᠢᠮ ᠬᠡᠯᠡᠯᠭᠡ ᠨᠢ ᠲᠡᠩᠳᠡ ᠬᠡᠯᠪᠡᠢᠢᠬᠦᠦ ᠪᠣᠯᠪᠠ᠃ ᠴᠢᠩ ᠤᠯᠤᠰ ᠤᠨ ᠲᠡᠦᠬᠡᠨ ᠮᠠᠲ᠋ᠧᠷᠢᠶᠠᠯ ᠲᠡᠭᠡᠷ ᠡ ᠵᠦᠪᠬᠡᠨ ᠲᠡᠭᠦᠨ ᠤ ᠦᠨᠡᠨᠴᠢ ᠰᠢᠳᠤᠷᠭᠤ ᠪᠡᠷ ᠴᠢᠩ ᠤᠯᠤᠰ ᠤᠨ ᠵᠠᠰᠠᠭ ᠢ ᠬᠠᠮᠠᠭᠠᠯᠠᠬᠤ ᠳ᠋ᠤ ᠪᠠᠢᠭᠤᠯᠤᠭᠰᠠᠨ ᠭᠠᠪᠢᠶ ᠠ ᠵᠢ ᠮᠠᠭᠳᠠᠨ ᠰᠠᠢᠰᠢᠶᠠᠵᠤ᠂ᠲᠡᠭᠦᠨ ᠳ᠋ᠤ ᠰᠦᠮ ᠡ ᠪᠠᠢᠭᠤᠯᠵᠤ ᠂ ᠦᠰᠢᠶ ᠡ ᠪᠣᠰᠬᠠᠭᠰᠠᠨ ᠲᠡᠦᠬᠡ ᠵᠢ ᠲᠡᠮᠳᠡᠭᠯᠡᠪᠡ᠃ ᠬᠠᠷᠢᠨ ᠲᠡᠭᠦᠨ ᠤ ᠲᠠᠷᠢᠶᠠᠴᠢᠨ ᠤ ᠪᠣᠰᠤᠯᠭ᠎ᠠ ᠵᠢ ᠲᠠᠷᠤᠩᠭᠤᠢᠯᠠᠭᠰᠠᠨ ᠲᠠᠯ ᠠ ᠵᠢ ᠦᠭᠡᠢᠢᠰᠭᠡᠨ ᠬᠠᠯᠬᠠᠯᠠᠵᠤ ᠪᠠᠢᠨ᠎ᠠ᠃ |