Abstract |
ᠲᠤᠰ ᠦᠭᠦᠯᠡᠯ ᠳᠦ ᠪᠢᠳᠡ ᠣᠳᠣᠬᠢᠴᠢᠯᠠᠭᠰᠠᠨ ᠮᠠᠰᠢᠨ ᠲᠤᠨᠤᠭᠯᠠᠯ ᠢ ᠠᠰᠢᠭᠯᠠᠵᠤ᠂ ᠪᠦᠷᠢᠳᠭᠡᠯ ᠦᠨ ᠤᠬᠠᠭᠠᠨ ᠪᠠ ᠳᠠᠭᠤᠨ ᠤᠬᠠᠭᠠᠨ ᠤ ᠠᠪᠢᠶ᠎ᠠ ᠵᠦᠢ ᠶᠢᠨ ᠠᠷᠭ᠎ᠠ ᠶᠢ ᠬᠡᠷᠡᠭᠯᠡᠨ᠂ ᠴᠠᠬᠠᠷ ᠠᠮᠠᠨ ᠠᠶᠠᠯᠭᠤᠨ ᠤ ᠦᠭᠡ ᠶᠢᠨ ᠡᠴᠦᠰ ᠦᠨ ᠪᠤᠭᠤᠨᠢ ᠡᠭᠡᠰᠢᠭ᠌ ᠦᠨ ᠣᠨᠴᠠᠯᠢᠭ ᠰᠢᠨᠵᠢ ᠶᠢ ᠲᠤᠳᠤᠷᠬᠠᠢ᠌ᠯᠠᠬᠤ ᠪᠠᠷ ᠣᠷᠤᠯᠳᠤᠪᠠ᠃ ᠮᠠᠨ ᠤ ᠰᠢᠨᠵᠢᠯᠡᠭᠰᠡᠨ ᠢ ᠬᠤᠷᠢᠶᠠᠩ᠋ᠭ᠋ᠤᠢ᠌᠌ᠯᠠᠪᠠᠯ᠄ 1. ᠦᠭᠡ ᠶᠢᠨ ᠡᠴᠦᠰ ᠦᠨ ᠪᠤᠭᠤᠨᠢ ᠡᠭᠡᠰᠢᠭ᠌ ᠦᠨ ᠳ᠋ᠠᠩ ᠦᠭᠡᠨ ᠳᠦ ᠢᠯᠡᠷᠡᠬᠦ ᠪᠡ ᠦᠭᠡᠰ ᠦᠨ ᠬᠤᠯᠪᠤᠭᠠᠨ ᠳᠤ ᠢᠯᠡᠷᠡᠬᠦ ᠪᠠᠢ᠌ᠳᠠᠯ ᠨᠢ ᠠᠳᠠᠯᠢ ᠦᠭᠡᠢ; 2. ᠦᠭᠡ ᠶᠢᠨ ᠡᠴᠦᠰ ᠦᠨ ᠪᠤᠭᠤᠨᠢ ᠡᠭᠡᠰᠢᠭ᠌ ᠨᠢ ᠠᠪᠢᠶᠠᠯᠠᠪᠤᠷᠢ ᠪᠢᠰᠢ᠂ ᠵᠦᠪᠬᠡᠨ ᠦᠭᠦᠯᠡᠬᠦ ᠡᠷᠬᠡᠲᠡᠨ ᠦ ᠬᠦᠳᠡᠯᠭᠡᠭᠡᠨ ᠦ ᠱᠠᠭᠠᠷᠳᠠᠯᠭ᠎ᠠ ᠶᠢ ᠬᠠᠩᠭ᠋ᠵᠤ ᠪᠠᠢ᠌ᠳᠠᠭ ᠠᠪᠢᠶ᠎ᠠ ᠮᠦᠨ᠃ 3. ᠦᠭᠡ ᠶᠢᠨ ᠡᠴᠦᠰ ᠦᠨ ᠪᠤᠭᠤᠨᠢ ᠡᠭᠡᠰᠢᠭ᠌ ᠪᠤᠯ ᠪᠢᠴᠢᠭ᠌ ᠦᠨ ᠬᠡᠯᠡᠨ (ᠦᠰᠦᠭ ᠪᠢᠴᠢᠭ᠌ ᠦᠨ ᠰᠠᠭᠤᠷᠢᠯᠠᠭᠰᠠᠨ ᠲᠤᠬᠠᠢ ᠶᠢᠨ ᠦᠶ᠎ᠡ ᠶᠢᠨ ᠠᠶᠠᠯᠭᠤᠨ)᠋ ᠤ ᠤᠯᠠ ᠮᠦᠷ ᠮᠦᠨ; 4. ᠣᠳᠣ ᠦᠶ᠎ᠡ ᠶᠢᠨ ᠮᠣᠩ᠋ᠭ᠋ᠤᠯ ᠬᠡᠯᠡᠨ ᠦ ᠡᠭᠡᠰᠢᠭ᠌ ᠢ (ᠨᠠᠭᠠᠳᠤ ᠵᠠᠬ᠎ᠠ ᠨᠢ ᠲᠤᠷᠰᠢᠯᠲᠠ ᠶᠢᠨ ᠠᠪᠢᠶ᠎ᠠ ᠵᠦᠢ ᠳᠦ ) ᠦᠶᠡᠵᠢᠭᠦᠯᠬᠦ ᠡᠭᠡᠰᠢᠭ᠌ ᠪᠡ ᠡᠰᠡ ᠦᠶᠡᠵᠢᠭᠦᠯᠬᠦ ᠡᠭᠡᠰᠢᠭ᠌ ᠭᠡᠵᠦ ᠠᠩ᠋ᠭᠢᠯᠠᠪᠠᠯ ᠵᠤᠬᠢᠨ᠎ᠠ᠃ ᠲᠡᠳᠡᠭᠡᠷ ᠨᠢ ᠳᠠᠭᠤᠨ ᠤᠬᠠᠭᠠᠨ ᠤ ᠣᠨᠴᠠᠯᠢᠭ ᠰᠢᠨᠵᠢ ᠶᠢᠨ ᠬᠤᠪᠢ ᠳᠤ ᠲᠤᠳᠤᠷᠬᠠᠢ ᠢᠯᠭᠠᠭ᠎ᠠ ᠲᠠᠢ; 5. ᠦᠭᠡ ᠶᠢᠨ ᠡᠴᠦᠰ ᠦᠨ ᠪᠤᠭᠤᠨᠢ ᠡᠭᠡᠰᠢᠭ᠌ ᠨᠢ ᠦᠶ᠎ᠡ ᠪᠦᠲᠦᠭᠡᠬᠦ ᠦᠭᠡᠢ ᠪᠤᠯᠪᠠᠴᠤ ᠮᠦᠨ ᠪᠦᠲᠦᠭᠡᠵᠦ ᠪᠠᠢ᠌ᠨ᠎ᠠ᠃ ᠡᠨᠡ ᠨᠢ ᠲᠡᠳᠡᠭᠡᠷ ᠤᠳᠬ᠎ᠠ ᠢᠯᠭᠠᠬᠤ ᠦᠢᠯᠡᠳᠦᠯ ᠲᠡᠢ ᠪᠠᠢ᠌ᠭᠰᠠᠨ ᠤ ᠬᠢᠨᠢ ᠤᠯᠠ ᠮᠦᠷ ᠪᠤᠯᠤᠯᠲᠠᠢ᠃ |