Abstract |
ᠮᠣᠩᠭᠤᠯ ᠤᠨ ᠪᠠᠷᠠᠭᠤᠨ ᠭᠤᠷᠪᠠᠨ ᠲᠦᠮᠡᠳ ᠦᠨ ᠠᠯᠲᠠᠨ ᠭᠡᠭᠡᠨ ᠬᠠᠭᠠᠨ ᠤ 1576 ᠣᠨ ᠳᠤ ᠰᠤᠳᠨᠠᠮᠵᠠᠮᠰᠤ ᠳᠠᠯᠠᠢ ᠪᠯᠠᠮ᠎ᠠ ᠶᠢ ᠵᠠᠯᠠᠬᠤ ᠪᠠᠷ ᠬᠦᠬᠡᠨᠠᠭᠤᠷ ᠲᠦ ᠪᠠᠢᠭᠤᠯᠤᠭᠰᠠᠨ ᠴᠠᠪᠴᠢᠶᠠᠯ ᠰᠦᠮ᠎ᠡ ᠪᠤᠯ᠂ ᠮᠣᠩᠭᠤᠯ ᠤᠨ ᠹᠧᠤᠳᠠᠯ ᠨᠤᠶᠠᠳ ᠠᠴᠠ ᠮᠣᠩᠭᠤᠯ ᠭᠠᠵᠠᠷ ᠲᠤ ᠬᠠᠮᠤᠭ ᠲᠡᠷᠢᠭᠦᠨ ᠳᠦ ᠪᠠᠢᠭᠤᠯᠤᠭᠰᠠᠨ ᠰᠢᠷ᠎ᠠ ᠶᠢᠨ ᠱᠠᠰᠢᠨ ᠤ ᠰᠦᠮ᠎ᠡ ᠶᠤᠮ᠃ ᠠᠯᠲᠠᠨ ᠬᠠᠭᠠᠨ ᠰᠦᠮ ᠡ ᠶᠢᠨ ᠵᠤᠷᠢᠭ ᠰᠠᠨᠠᠭ᠎ᠠ ᠶᠢ ᠦᠨᠳᠦᠰᠦᠯᠡᠨ᠂ ᠬᠦᠬᠡᠨᠠᠭᠤᠷ ᠠᠴᠠ ᠳ᠋ᠦᠩᠭᠦᠷ ᠬᠤᠳᠤᠭᠲᠤ ᠶᠢ ᠳᠠᠭᠤᠯᠤᠨ ᠬᠦᠬᠡᠬᠤᠲᠠᠨ᠎ᠠ ᠢᠷᠡᠭᠡᠳ 1579 ᠣᠨ ᠳᠤ ᠰᠤᠶᠤᠯ ᠳᠤᠷ ᠳᠠᠭᠠᠭᠤᠯᠬᠤ ᠬᠤᠲᠠ (归化城) ᠶᠢᠨ ᠡᠮᠦᠨ᠎ᠡ ᠬᠠᠭᠠᠯᠭᠠᠨ ᠤ ᠭᠠᠳᠠᠨ᠎ᠠ ᠨᠢᠭᠡ ᠭᠠᠵᠠᠷ ᠤᠨ ᠠᠯᠤᠰ ᠲᠤ᠂ ᠴᠠᠪᠴᠢᠶᠡᠯ ᠰᠦᠮ᠎ᠡ ᠶᠢᠨ ᠳᠠᠷᠠᠭᠠᠬᠢ ᠰᠢᠷ᠎ᠠ ᠶᠢᠨ ᠱᠠᠰᠢᠨ ᠤ ᠬᠤᠶᠠᠳᠤᠭᠠᠷ ᠰᠦᠮ᠎ᠡ ᠶᠢ ᠪᠠᠢᠭᠤᠯᠤᠭᠰᠠᠨ ᠪᠠᠢᠨ᠎ᠠ᠃ |