Paper Information


Title 《ᠮᠣᠩᠭᠤᠯ ᠬᠡᠯᠡ》 ᠭᠡᠬᠦ ᠰᠢᠯᠦᠭ ᠦᠨ ᠰᠡᠩᠬᠡᠷᠡᠭᠦᠯᠬᠦ ᠠᠴᠢ ᠬᠤᠯᠪᠤᠭᠳᠠᠯ ᠤᠨ ᠲᠤᠬᠠᠢ
Creator ᠭᠠᠩᠭᠠᠩ
Keyword ᠮᠣᠩᠭᠤᠯ ᠬᠡᠯᠡ; ᠰᠡᠩᠬᠡᠷᠡᠭᠦᠯᠦᠯ; ᠠᠴᠢ ᠬᠤᠯᠪᠤᠭᠳᠠᠯ
Abstract ᠢᠷᠠᠭᠤ ᠨᠠᠢᠷᠠᠭᠴᠢ ᠨᠠ‍ · ᠦᠯᠵᠡᠢᠳᠡᠯᠭᠡᠷ ᠦᠨ 《ᠮᠣᠩᠭᠤᠯ ᠬᠡᠯᠡ》 ᠭᠡᠳᠡᠭ ᠰᠢᠯᠦᠭ ᠨᠢ ᠮᠣᠩᠭᠤᠯ ᠦᠨᠳᠦᠰᠦᠲᠡᠨ ᠢ ᠲᠦᠷᠦᠭᠦᠯᠦᠭᠰᠡᠨ ᠡᠩᠭᠡᠷ ᠬᠠᠯᠠᠭᠤᠨ ᠡᠵᠢ ᠪᠤᠯᠬᠤ ᠠᠴᠢ ᠭᠠᠪᠢᠶ᠎ᠠ ᠶᠢ ᠦᠴᠦᠭᠡᠳᠦᠷ᠂ ᠦᠨᠦᠳᠦᠷ᠂ ᠮᠠᠷᠭᠠᠰᠢ ᠶᠢᠨ ᠬᠠᠷᠠᠭᠠᠰᠤ ᠠᠴᠠ ᠤᠶᠠᠩᠭᠠᠯᠠᠨ ᠰᠢᠯᠦᠭᠯᠡᠪᠡ᠃ ᠭᠡᠲᠡᠯ᠎ᠡ ᠦᠨᠦᠳᠦᠷ ᠦᠨ ᠮᠣᠩᠭᠤᠯᠴᠤᠳ ᠤᠨ ᠮᠣᠩᠭᠤᠯ ᠬᠡᠯᠡ ᠭᠡᠭᠡᠭᠳᠡᠵᠦ ᠣᠷᠬᠢᠭᠳᠠᠵᠤ ᠪᠠᠢᠬᠤ ᠨᠢ ᠲᠦᠷᠦᠯᠬᠢ ᠬᠡᠯᠡᠨ ᠦ ᠬᠤᠪᠢ ᠵᠠᠶᠠᠭ᠎ᠠ ᠲᠦᠭᠰᠢᠭᠦᠷᠢᠲᠡᠢ ᠪᠤᠯᠤᠭᠰᠠᠨ ᠤ ᠢᠯᠡᠭᠡᠨ ᠲᠡᠮᠳᠡᠭ᠃ ᠪᠢᠳᠡ ᠡᠵᠢ ᠶᠢᠨ ᠰᠠᠢᠨ ᠢᠶᠠᠷ ᠬᠦᠮᠦᠨ ᠪᠤᠯᠳᠠᠭ᠂ ᠡᠵᠢ ᠦᠭᠡᠢ ᠪᠤᠯ ᠪᠢᠳᠡ ᠪᠠᠢᠵᠤ ᠴᠢᠳᠠᠬᠤ ᠦᠭᠡᠢ᠃ ᠡᠯᠢᠭᠡ ᠪᠦᠲᠦᠨ ᠠᠮᠢᠳᠤᠷᠠᠬᠤ ᠳᠤ ᠡᠵᠢ ᠶᠢᠨ ᠬᠠᠢᠷ᠎ᠠ ᠳᠤᠲᠠᠵᠤ ᠪᠤᠯᠳᠠᠭ ᠦᠭᠡᠢ᠃ ᠡᠢᠮᠦ ᠡᠴᠡ ᠡᠵᠢ ᠶᠢᠨ ᠡᠵᠢ ᠡᠬᠡ ᠮᠣᠩᠭᠤᠯ ᠬᠡᠯᠡ ᠪᠡᠨ ᠰᠡᠳᠬᠢᠯ ᠵᠢᠷᠦᠬᠡᠨ ᠡᠴᠡ ᠪᠡᠨ ᠬᠦᠨᠳᠦᠳᠭᠡᠵᠦ᠂ ᠰᠤᠷᠴᠤ ᠰᠤᠳᠤᠯᠵᠤ ᠶᠠᠪᠤᠬᠤ ᠶᠢ ᠵᠤᠷᠢᠵᠤ 《ᠮᠣᠩᠭᠤᠯ ᠬᠡᠯᠡ》 ᠭᠡᠬᠦ ᠰᠢᠯᠦᠭ ᠪᠡ ᠦᠨᠦᠳᠦᠷ ᠦᠨ ᠮᠣᠩᠭᠤᠯ ᠬᠡᠯᠡᠨ ᠦ ᠲᠤᠬᠠᠢ ᠰᠡᠩᠬᠡᠷᠡᠭᠦᠯᠦᠯ ᠢᠶᠡᠨ 《ᠦᠨᠳᠦᠰᠦᠲᠡᠨ ᠦ ᠮᠢᠨᠢ ᠦᠪ ᠤᠯᠠᠮᠵᠢᠯᠠᠯ》᠂ 《ᠦᠰᠦᠭ ᠪᠢᠴᠢᠭ ᠪᠤᠯ ᠦᠨᠳᠦᠰᠦᠲᠡᠨ ᠦ ᠪᠡᠯᠭᠡ ᠲᠡᠮᠳᠡᠭ》᠂ 《ᠡᠬᠡ ᠬᠡᠯᠡᠨ ᠦ ᠦᠢᠯᠡᠳᠦᠯ》᠂ 《ᠡᠬᠡ ᠬᠡᠯᠡᠨ ᠦ ᠬᠡᠷᠡᠭᠯᠡᠭᠡᠨ ᠦ ᠪᠠᠢᠳᠠᠯ》 ᠵᠡᠷᠭᠡ ᠲᠠᠯ᠎ᠠ ᠪᠠᠷ ᠮᠦᠴᠢᠳ ᠦᠭᠦᠯᠡᠪᠡ᠃
Original Literature No Original Paper
出自 内蒙古民族大学学报(社会科学) 2015年 第4期

联系我们


内蒙古大学图书馆
呼和浩特市大学西路235号
中国·内蒙古
P: (0471) 4992561
E: huangfeilong@imu.edu.cn