Title |
ᠠᠪᠢᠶᠠᠨ ᠤ ᠬᠤᠪᠢᠷᠠᠯ ᠡᠴᠡ ᠢᠵᠠᠭᠤᠷ᠂ ᠦᠨᠳᠦᠰᠦᠨ ᠤ ᠪᠦᠲᠦᠴᠡ ᠦᠭᠡᠷᠡᠴᠢᠯᠡᠭᠳᠡᠭᠰᠡᠨ ᠨᠢ |
Creator |
ᠭᠠᠷᠤᠳᠢ |
Keyword |
ᠠᠪᠢᠶᠠᠨ ᠤ ᠬᠤᠪᠢᠷᠠᠯ; ᠢᠵᠠᠭᠤᠷ ᠦᠪᠦᠲᠴᠡ; ᠦᠨᠳᠦᠰᠦ ᠪᠦᠲᠦᠴᠡ; ᠦᠭᠡᠷᠡᠴᠢᠯᠡᠭᠳᠡᠨ ᠬᠤᠪᠢᠷᠠᠬᠤ |
Abstract |
ᠲᠤᠯᠢᠯᠠᠭᠤᠯᠤᠨ ᠪᠦᠬᠦᠢ ᠦᠭᠦᠯᠡᠯ ᠪᠣᠯ ᠮᠣᠩᠭᠤᠯ ᠬᠡᠯᠡ ᠤᠨ ᠦᠭᠡ ᠶᠢᠨ ᠪᠦᠲᠦᠴᠡ ᠵᠢ ᠴᠣᠪᠤᠭ᠎ᠠ ᠴᠠᠭ ᠤᠨ ᠡᠭᠦᠳᠡᠨ ᠡᠴᠡ ᠠᠪᠴᠦ ᠦᠵᠡᠭᠰᠡᠨ ᠢᠵᠢ ᠰᠣᠳᠤᠯᠭᠠᠨ ᠤ ᠬᠣᠶᠠᠳᠠᠭᠴᠢ ᠪᠦᠲᠦᠭᠡᠯ ᠪᠣᠯᠤᠨ᠎ᠠ᠃ ᠡᠨᠡ ᠬᠦ ᠰᠣᠳᠤᠯᠭᠠᠨ ᠳ᠋ᠤ ᠪᠢᠳᠡ ᠮᠣᠩᠭᠤᠯ ᠬᠡᠯᠡᠨ ᠤ ᠦᠭᠡ ᠶᠢᠨ ᠢᠵᠠᠭᠤᠷ᠂ ᠦᠨᠳᠦᠰᠦᠨ ᠤ ᠤᠯᠠᠷᠢᠯ ᠬᠤᠪᠢᠷᠠᠯ ᠢ ᠠᠪᠢᠶᠠᠨ ᠤ ᠬᠤᠪᠢᠷᠠᠯ ᠤᠨ ᠡᠭᠦᠳᠡᠨ ᠡᠴᠡ ᠰᠦᠪᠡᠭᠴᠢᠢᠯᠡᠵᠦ ᠠᠪᠢᠶᠠᠨ ᠤ ᠢᠵᠢᠯᠢᠰᠢᠯ᠂ ᠣᠨᠳᠤᠤᠰᠢᠯ᠂ ᠨᠡᠮᠭᠳᠡᠯ; ᠭᠡᠭᠡᠭᠳᠡᠯ ᠵᠡᠷᠭᠡ ᠠᠪᠢᠶᠠᠨ ᠤ ᠬᠤᠪᠢᠷᠠᠯ ᠤᠳ ᠨᠢ ᠢᠵᠠᠭᠤᠷ ᠪᠦᠲᠦᠴᠡ ᠶᠢᠨ ᠦᠭᠡᠷᠡᠴᠢᠯᠡᠯᠲᠡ ᠵᠢ ᠪᠣᠢ ᠪᠣᠯᠭᠠᠳᠠᠭ ᠭᠡᠭᠴᠢ ᠵᠢ ᠲᠣᠳᠤᠯᠠᠵᠠᠢ᠃ ᠡᠭᠦᠨ ᠳ᠋ᠤ ᠠᠪᠢᠶᠠᠨ ᠤ ᠲᠤᠩᠭᠤᠷᠤᠯ ᠡᠴᠡ ᠪᠣᠢ ᠪᠣᠯᠬᠤ ᠦᠵᠡᠭᠳᠡᠯ ᠪᠠᠢᠵᠤ ᠮᠡᠳᠡᠬᠦ ᠪᠣᠯᠪᠠᠴᠤ ᠮᠠᠨ ᠳᠤ ᠪᠠᠲᠤᠯᠭ᠎ᠠ ᠲᠠᠢ ᠲᠣᠭ᠎ᠠ ᠪᠠᠷᠢᠮᠲᠠ ᠦᠭᠡᠢ᠃ ᠠᠪᠢᠶᠠᠨ ᠤ ᠠᠵᠢᠯᠰᠢᠯ᠂ ᠣᠨᠳᠤᠤᠰᠢᠯ᠂ ᠭᠡᠭᠡᠭᠲᠡᠯ ᠵᠢᠴᠢ ᠪᠠᠰᠠ ᠠᠪᠢᠶᠠᠨ ᠤ ᠲᠣᠩᠭᠤᠷᠯ ᠢᠢᠡᠷ ᠦᠭᠡ ᠶᠢᠨ ᠦᠨᠳᠦᠰᠦ ᠪᠦᠲᠦᠴᠡ ᠦᠭᠡᠷᠡᠴᠢᠯᠡᠭᠳᠡᠭᠰᠡᠨ ᠦᠵᠡᠭᠳᠡᠯ ᠪᠠᠢᠵᠤ ᠪᠠᠢᠭ᠎ᠠ ᠪᠣᠯᠪᠠᠴᠤ᠂ ᠡᠭᠦᠨ ᠢ ᠬᠤᠷᠢᠶᠠᠩᠭᠤᠢᠯᠠᠨ ᠦᠭᠦᠯᠡᠵᠦ᠂ ᠦᠭᠡ ᠶᠢᠨ ᠦᠨᠳᠦᠰᠦ ᠰᠤᠨᠵᠢᠷᠡᠨ ᠤᠷᠲᠤᠵᠢᠵᠤ ᠪᠠᠢᠭ᠎ᠠ ᠦᠵᠡᠭᠳᠡᠯ ᠢ ᠯᠡ ᠠᠪᠴᠤ ᠶᠠᠷᠢᠯᠴᠠᠭᠠᠳ ᠡᠬᠦᠨ ᠢ ᠬᠣᠪᠢᠷᠠᠯ ᠤᠨ ᠭᠤᠤᠯ ᠪᠠᠢᠷᠢ ᠵᠢ ᠡᠵᠡᠯᠡᠬᠦ ᠵᠦᠢᠯ ᠭᠡᠵᠦ ᠦᠵᠡᠵᠡᠢ᠃ ᠡᠢᠮᠦ ᠡᠴᠡ ᠦᠭᠡ ᠶᠢᠨ ᠢᠵᠠᠭᠤᠷ᠂ ᠦᠨᠳᠦᠰᠦᠨ ᠤ ᠪᠦᠲᠦᠴᠡ ᠶᠢᠨ ᠭᠦᠭᠵᠢᠯ ᠬᠤᠪᠢᠷᠠᠯ ᠳ᠋ᠤ ᠠᠪᠢᠶᠠᠨ ᠤ ᠬᠤᠪᠢᠷᠠᠯ ᠢ ᠤᠮᠳᠤᠭᠠᠢᠯᠠᠵᠤ ᠪᠣᠯᠬᠤ ᠦᠭᠡᠢ ᠪᠢᠯᠡ᠃ |
Original Literature |
No Original Paper
|
出自 |
内蒙古师范大学学报
2000年
第2期
|