Paper Information


Title ᠮᠣᠩᠭᠤᠯ ᠬᠡᠯᠡᠨ ᠤ ᠬᠦᠬᠡᠨᠠᠭᠤᠷ ᠠᠮᠠᠨ ᠠᠶᠠᠯᠭᠤᠨ ᠳ᠋ᠡᠬᠢ ᠨᠦᠬᠦᠴᠡᠯ ᠦᠢᠯᠡ ᠶᠢᠨ ᠬᠡᠯᠪᠡᠷᠢ ᠶᠢᠨ ᠣᠨᠴᠠᠯᠢᠭ ᠰᠢᠨᠵᠢ
Creator ᠤᠶᠤᠨᠨᠠᠰᠤᠨ
Keyword ᠮᠣᠩᠭᠤᠯ ᠬᠡᠯᠡ; ᠬᠦᠬᠡᠨᠠᠭᠤᠷ ᠠᠮᠠᠨ ᠠᠶᠠᠯᠭᠤ; ᠨᠦᠬᠦᠴᠡᠯ ᠦᠢᠯᠡ ᠶᠢᠨ ᠬᠡᠯᠪᠡᠷᠢ
Abstract ᠬᠦᠬᠡᠨᠠᠭᠤᠷ ᠠᠮᠠᠨ ᠠᠶᠠᠯᠭᠤ ᠨᠢ ᠤᠢᠷᠠᠳ ᠠᠶᠠᠯᠭᠤᠨ ᠤ ᠲᠤᠳᠤᠷᠠᠬᠢ ᠨᠢᠭᠡ ᠠᠮᠠᠨ ᠠᠶᠠᠯᠭᠤ ᠪᠣᠯᠤᠭᠰᠠᠨ ᠤ ᠬᠤᠪᠢ ᠳ᠋ᠤ ᠠᠪᠢᠶ ᠠ᠂ ᠦᠭᠡᠰ ᠤᠨ ᠰᠠᠩ᠂ ᠬᠡᠯᠡ ᠵᠦᠢ ᠶᠢᠨ ᠲᠠᠯ ᠠ ᠪᠡᠷ ᠨᠡᠢᠲᠡ ᠮᠣᠩᠭᠤᠯ ᠪᠢᠴᠢᠭ ᠤᠨ ᠬᠡᠯᠡ ᠲᠠᠢ ᠨᠡᠢᠲᠡᠯᠢᠭ ᠣᠨᠴᠠᠯᠢᠭ ᠲᠠᠢ ᠪᠠᠢᠬᠤ ᠪᠡᠷ ᠪᠠᠷᠠᠬᠤ ᠦᠭᠡᠢ ᠵᠠᠷᠢᠮ ᠲᠠᠯ ᠠ ᠪᠡᠷ ᠦᠪᠡᠷ ᠤᠨ ᠤᠷᠤᠨ ᠨᠤᠲᠤᠭ ᠤᠨ ᠣᠨᠴᠠᠯᠢᠭ ᠲᠠᠢ ᠪᠠᠢᠳᠠᠭ᠃ ᠬᠦᠮᠦᠰ ᠨᠢᠭᠡ ᠬᠡᠯᠡᠨ ᠤ ᠦᠭᠡ ᠶᠢᠨ ᠦᠨᠳᠦᠰᠦᠨ ᠰᠠᠩ ᠬᠢᠭᠡᠳ ᠬᠡᠯᠡ ᠵᠦᠢ ᠶᠢᠨ ᠪᠠᠢᠭᠤᠯᠤᠯ ᠢ ᠪᠢᠲᠡᠭᠦᠮᠡᠯ ᠰᠢᠰᠲ᠋ᠸᠮ(封闭系统)ᠭᠡᠵᠦ ᠦᠵᠡᠳᠡᠭ ᠶᠣᠮ᠃ ᠭᠡᠲᠡᠯ ᠠ ᠲᠡᠦᠬᠡᠲᠦ ᠴᠠᠭ ᠤᠨ ᠡᠭᠦᠳᠡᠨ ᠡᠴᠡ ᠠᠪᠴᠤ ᠦᠵᠡᠪᠠᠯ᠂ ᠬᠡᠯᠡᠨ ᠵᠦᠢ ᠨᠢ ᠬᠡᠳᠦᠢᠪᠡᠷ ᠨᠢᠭᠡ ᠬᠡᠯᠡᠨ ᠳ᠋ᠡᠬᠢ ᠬᠠᠷᠢᠴᠠᠩᠭᠤᠢ ᠲᠤᠭᠲᠠᠪᠬᠤᠷᠢᠲᠠᠢ ᠵᠦᠢᠯᠡᠰ ᠪᠣᠯᠪᠠᠴᠤ᠂ ᠤᠨ ᠤᠳᠠᠭᠠᠨ ᠵᠢᠯ ᠤᠨ ᠬᠡᠯᠡᠨ ᠤ ᠬᠦᠭᠵᠢᠯᠲᠡ ᠶᠢᠨ ᠶᠠᠪᠤᠴᠠ ᠳ᠋ᠤ ᠬᠤᠪᠢᠷᠠᠯᠲᠠ ᠡᠭᠦᠰᠴᠦ᠂ ᠡᠯ ᠠ ᠨᠤᠲᠤᠭ ᠤᠨ ᠠᠶᠠᠯᠭᠤ᠂ ᠠᠮᠠᠨ ᠠᠶᠠᠯᠭᠤᠨ ᠳ᠋ᠤ ᠦᠪᠡᠷ ᠤᠨ ᠣᠨᠴᠠᠯᠢᠭ ᠲᠠᠢ ᠪᠣᠯᠵᠤ ᠢᠯᠡᠷᠡᠬᠦ ᠨᠢ ᠶᠠᠷᠢᠶᠠᠨ ᠦᠭᠡᠢ ᠶᠣᠮ᠃ ᠲᠤᠰ ᠦᠭᠦᠯᠡᠯ ᠳ᠋ᠤ᠂ ᠡᠷᠲᠡᠮᠲᠡᠳ ᠤᠨ ᠦᠩᠭᠡᠷᠡᠭᠰᠡᠨ ᠤ ᠰᠣᠳᠤᠯᠭᠠᠨ ᠤ ᠰᠠᠭᠤᠷᠢᠨ ᠲᠡᠭᠡᠷ ᠡ ᠬᠠᠮ ᠴᠠᠭ ᠤᠨ ᠡᠭᠦᠳᠡᠨ ᠡᠴᠡ ᠬᠦᠬᠡᠨᠠᠭᠤᠷ ᠠᠮᠠᠨ ᠠᠶᠠᠯᠭᠤᠨ ᠳ᠋ᠡᠬᠢ ᠨᠦᠬᠦᠴᠡᠯ ᠦᠢᠯᠡ ᠶᠢᠨ ᠬᠡᠯᠪᠡᠷᠢ ᠶᠢᠨ ᠬᠤᠯᠪᠤᠴᠠ ᠳ᠋ᠤ ᠢᠯᠡᠷᠡᠬᠦ ᠤᠳᠬ ᠠ ᠦᠢᠯᠡᠳᠦᠯ ᠢ ᠳ᠋ᠡᠢᠲ᠋ᠠ ᠬᠦᠮᠦᠷᠭᠡ ᠶᠢᠨ ᠠᠷᠭ᠎ᠠ ᠪᠡᠷ ᠪᠦᠷᠢᠳᠭᠡᠵᠦ ᠦᠭᠦᠯᠡᠪᠡ᠃
Original Literature No Original Paper
出自 西部蒙古论坛 2008年 第3期

联系我们


内蒙古大学图书馆
呼和浩特市大学西路235号
中国·内蒙古
P: (0471) 4992561
E: huangfeilong@imu.edu.cn