Paper Information


Title ᠮᠣᠩᠭᠤᠯ ᠤᠨ ᠨᠡᠭᠦᠳᠡᠯ ᠦᠨ ᠠᠵᠤ ᠠᠬᠤᠢ ᠰᠤᠳᠤᠯᠤᠯ ᠳᠤ ᠦᠵᠡᠭᠦᠯᠦᠭᠰᠡᠨ ᠲᠤ᠋ ᠸᠠᠩ ᠤᠨ ᠬᠤᠪᠢ ᠨᠡᠮᠡᠷᠢ
Creator ᠪᠤᠤ ᠢᠦᠢ ᠱᠠᠨ
Keyword ᠡᠶ᠎ᠡ ᠡᠪ; ᠶᠤᠰᠤ ᠵᠢᠷᠦᠮ; ᠦᠢᠯᠡᠳᠪᠦᠷᠢ; ᠠᠵᠤ ᠲᠦᠷᠦᠬᠦ; ᠲᠦᠷᠦ ᠳᠦ ᠲᠦᠯ ᠪᠤᠯᠬᠤ
Abstract ᠲᠤ᠋ ᠸᠠᠩ ᠤᠨ 《ᠠᠵᠤ ᠲᠦᠷᠦᠬᠦ ᠶᠢ ᠵᠢᠭᠠᠭᠰᠠᠨ ᠰᠤᠷᠭᠠᠯ》 ᠪᠤᠯ ᠮᠣᠩᠭᠤᠯ ᠤᠨ ᠨᠡᠭᠦᠳᠡᠯ ᠦᠨ ᠠᠵᠤ ᠠᠬᠤᠢ ᠰᠤᠳᠤᠯᠤᠯ ᠤᠨ ᠲᠡᠦᠬᠡᠨ ᠳᠦ ᠤᠲᠤᠭᠲᠠᠨ᠎ᠠ ᠣᠯᠳᠠᠭᠰᠠᠨ ᠬᠠᠮᠤᠭ ᠤᠨ ᠠᠩᠬᠠᠨ ᠤ ᠮᠣᠩᠭᠤᠯ ᠬᠡᠯᠡᠨ ᠦ ᠪᠦᠲᠦᠭᠡᠯ ᠪᠤᠯᠬᠤ ᠶᠤᠮ᠃ ᠲᠤ᠋ ᠸᠠᠩ ᠪᠠᠷ 《ᠡᠶ᠎ᠡ ᠡᠪ》᠂ 《ᠶᠤᠰᠤ ᠵᠢᠷᠦᠮ》 ᠪᠠ 《ᠠᠵᠤ ᠲᠦᠷᠦᠬᠦ》᠂ 《ᠦᠢᠯᠡᠳᠪᠦᠷᠢ》 ᠬᠡᠮᠡᠬᠦ ᠳᠦᠷᠪᠡᠨ ᠭᠤᠤᠯ ᠤᠬᠠᠭᠳᠠᠬᠤᠨ ᠢ ᠳᠤᠷᠠᠳᠴᠠᠢ᠃ ᠮᠣᠩᠭᠤᠯ ᠤᠨ ᠨᠡᠢᠭᠡᠮ ᠳᠦ ᠣᠷᠤᠰᠢᠭᠰᠠᠭᠠᠷ ᠢᠷᠡᠭᠰᠡᠨ ᠠᠵᠤ ᠲᠦᠷᠦᠬᠦ ᠠᠷᠭ᠎᠎ᠠ ᠤᠬᠠᠭᠠᠨ ᠤ ᠠᠯᠪᠠᠨ ᠶᠤᠰᠤᠨ ᠤ ᠪᠠᠢᠭᠤᠯᠤᠯ ᠪᠤᠯᠭᠠᠵᠤ ᠳᠦᠷᠢᠮᠵᠢᠭᠦᠯᠦᠨ ᠬᠡᠷᠡᠭᠵᠢᠭᠦᠯᠵᠡᠢ᠃ ᠠᠵᠤ ᠲᠦᠷᠦᠬᠦ ᠪᠦᠬᠦ ᠶᠠᠪᠤᠴᠠ ᠶᠢ ᠬᠦᠮᠦᠨ ᠦ ᠬᠤᠭᠤᠷᠤᠨᠳᠤᠬᠢ ᠬᠠᠷᠢᠴᠠᠭᠠᠨ ᠤ ᠵᠠᠩᠭᠢᠶᠠᠰᠤ ᠪᠠ ᠵᠤᠷᠢᠯᠲᠠ ᠪᠤᠯᠬᠤ 《ᠶᠤᠰᠤ ᠵᠢᠷᠦᠮ᠂ ᠡᠶ᠎ᠡ ᠡᠪ》᠂ ᠪᠤᠳᠠᠰ ᠤᠨ ᠨᠦᠬᠦᠨ ᠦᠢᠯᠡᠳᠪᠦᠷᠢᠯᠡᠯ ᠦᠨ ᠠᠵᠢᠯᠯᠠᠭ᠎ᠠ ᠪᠤᠯᠬᠤ 《ᠦᠢᠯᠡᠳᠪᠦᠷᠢ》 ᠪᠡ ᠬᠦᠮᠦᠨ ᠠᠮᠠ ᠶᠢᠨ ᠨᠦᠬᠦᠨ ᠦᠢᠯᠡᠳᠪᠦᠷᠢᠯᠡᠯ ᠦᠨ ᠬᠡᠯᠪᠡᠷᠢ ᠪᠤᠯᠬᠤ 《ᠲᠦᠷᠦ ᠳᠦ ᠲᠦᠯ ᠪᠤᠯᠬᠤ》 ᠡᠨᠡ ᠭᠤᠷᠪᠠ ᠶᠢᠨ ᠨᠡᠢᠯᠡᠪᠦᠷᠢ ᠪᠤᠯᠭᠠᠨ ᠦᠵᠡᠵᠡᠢ᠃ ᠡᠨᠡ ᠨᠢ ᠲᠤ᠋ ᠸᠠᠩ ᠤᠨ ᠮᠣᠩᠭᠤᠯ ᠤᠨ ᠨᠡᠭᠦᠳᠡᠯ ᠦᠨ ᠠᠵᠤ ᠠᠬᠤᠢ ᠰᠤᠳᠤᠯᠤᠯ ᠳᠤ ᠭᠠᠷᠭᠠᠭᠰᠠᠨ ᠨᠢᠭᠡ ᠶᠡᠬᠡ ᠵᠢᠳᠭᠦᠯ ᠪᠤᠯᠬᠤ ᠶᠤᠮ᠃
Original Literature View Original Paper
出自 中国蒙古学 2015年 第5期

联系我们


内蒙古大学图书馆
呼和浩特市大学西路235号
中国·内蒙古
P: (0471) 4992561
E: huangfeilong@imu.edu.cn